ᠲᠣᠭᠤᠷᠢᠭ ᠤᠨ ᠤᠷᠴᠢᠨ ᠲᠤᠭᠤᠷᠢᠨ ᠤ ᠠᠷᠢᠭᠤᠨ ᠴᠡᠪᠡᠷ ᠢ ᠬᠠᠮᠠᠭᠠᠯᠠᠬᠤ ᠲᠣᠪᠴᠢᠶ᠎ᠠ ᠠᠴᠠ ᠣᠷᠴᠢᠨ ᠲᠣᠭᠤᠷᠢᠨ ᠤ ᠠᠷᠢᠭᠤᠨ ᠴᠡᠪᠡᠷ ᠢ ᠵᠠᠰᠠᠪᠣᠷᠢᠯᠠᠬᠤ ᠬᠦᠴᠦ ᠪᠠᠨ ᠰᠠᠶᠢᠳᠤᠷ ᠡᠷᠴᠢᠮᠵᠢᠭᠦᠯᠵᠦ ᠬᠤᠶᠠᠷ ᠣᠷᠴᠢᠨ ᠲᠣᠭᠤᠷᠢᠨ ᠢ ᠰᠢᠯᠢᠳᠡᠭᠵᠢᠭᠦᠯᠦᠶ᠎ᠡ
ᠨᠡᠶᠢᠲᠡᠯᠡᠭᠰᠡᠨ ᠴᠠᠭ᠄
2018-05-30
     5 ᠰᠠᠷ᠎ᠠ ᠶᠢᠨ 23᠎ ᠤ ᠡᠳᠤᠷ ᠲᠣᠭᠤᠷᠢᠭ ᠤᠨ ᠤᠷᠴᠢᠨ ᠲᠤᠭᠤᠷᠢᠨ ᠤ ᠠᠷᠢᠭᠤᠨ ᠴᠡᠪᠡᠷ ᠢ ᠬᠠᠮᠠᠭᠠᠯᠠᠬᠤ ᠲᠣᠪᠴᠢᠶ᠎ᠠ ᠠᠴᠠ ᠭᠤᠤᠯ ᠬᠤᠲᠠ ᠶᠢᠨ ᠲᠣᠭᠤᠷᠢᠭ᠂ ᠬᠤᠲᠠ ᠬᠦᠳᠡᠭᠡ ᠶᠢᠨ ᠬᠤᠯᠪᠣᠭᠠᠰᠤ ᠬᠡᠰᠡᠭ᠂ ᠰᠠᠭᠤᠭᠠᠯᠢ ᠠᠷᠡᠳ ᠤᠨ ᠠᠮᠢᠳᠤᠷᠠᠯ ᠤᠨ ᠲᠣᠭᠤᠷᠢᠭ ᠵᠡᠷᠭᠡ ᠭᠠᠵᠠᠷ ᠳᠤ ᠲᠦᠪᠯᠡᠷᠡᠭᠦᠯᠦᠨ‌ᠡᠯ᠎ᠡ ᠵᠣᠶᠢᠯ ᠤᠨ ᠨᠦᠬᠡᠴᠡᠯᠡᠨ ᠬᠠᠳᠠᠭᠠᠯᠠᠭᠰᠠᠨ ᠬᠤᠭ ᠨᠣᠪᠰᠢ ᠪᠠ ᠠᠷᠢᠭᠤᠨ ᠴᠡᠪᠡᠷ ᠤᠨ ᠠᠩᠬᠠᠷᠣᠭᠳᠠᠬᠤ ᠦᠭᠡᠢ ᠦᠡᠴᠦᠭ ᠲᠤ ᠪᠦᠬᠦ ᠲᠠᠯ᠎ᠠ ᠶᠢᠨ ᠪᠠᠶᠢᠴᠠᠭᠠᠯᠳᠠ ᠬᠢᠵᠦ᠂ ᠴᠠᠭ ᠲᠤᠬᠠᠢ ᠳᠤ ᠨᠢ ᠠᠰᠠᠭᠤᠳᠡᠯ ᠢ ᠢᠯᠡᠷᠡᠭᠦᠯᠵᠦ᠂ ᠴᠠᠭ ᠲᠣᠬᠠᠢ ᠳᠤ ᠨᠢ ᠰᠢᠳᠪᠤᠷᠢᠯᠡᠵᠦ᠂ ᠡᠳᠤᠷ ᠤᠨ ᠬᠤᠭ ᠨᠣᠪᠰᠢ ᠢᠶᠠᠨ ᠡᠳᠣᠷ ᠲᠤ ᠨᠢ ᠰᠢᠳᠪᠤᠷᠢᠯᠡᠬᠤ ᠶᠢ ᠪᠡᠶᠡᠯᠡᠭᠦᠯᠬᠦ ᠭᠡᠷᠩᠲᠠᠢ᠃      ᠲᠣᠰ ᠣᠳᠠᠭᠠᠨ ᠤ ᠵᠠᠰᠠᠯᠲᠠ ᠶᠢᠨ ᠬᠦᠳᠡᠯᠭᠡᠭᠡᠨ ᠭᠤᠣᠯ ᠨᠢ ᠲᠡᠮᠦᠷ ᠵᠠᠮ ᠲᠠᠭᠤ᠂ ᠡᠯ ᠳ᠋ᠣᠣ ᠱᠠ ᠾᠧ ᠭᠤᠣᠯ ᠤᠨ ᠭᠤᠯᠲᠤᠷᠢᠯ᠂  ᠬᠤᠶᠢᠲᠦ ᠤᠯᠤᠰ ᠤᠨ ᠵᠠᠰᠠᠮᠠᠯ ᠵᠠᠮ ᠤᠨ  ᠭᠤᠣᠯ ᠤᠨ ᠭᠤᠯᠲᠤᠷᠢᠯ᠂ ᠪᠠᠷᠠᠭᠤᠨ ᠭᠤᠣᠯ ᠤᠨ ᠭᠤᠯᠳᠤᠷᠢᠯ ᠤᠨ ᠬᠦᠪᠡᠭᠡ᠂ ᠮᠣᠣ ᠹᠧᠩ ᠵᠠᠩ ᠲᠣᠰᠬᠤᠨ ᠤ ᠭᠤᠣᠯ ᠤᠨ ᠭᠤᠯᠳᠤᠷᠢᠯ ᠤᠨ ᠭᠥᠪᠡᠭᠡ᠂ ᠬᠠᠳᠤᠨ ᠭᠤᠣᠯ ᠬᠦᠭᠦᠷᠭᠡ ᠶᠢᠨ ᠵᠡᠭᠦᠨ ᠬᠡᠰᠡᠭ ᠵᠡᠷᠭᠡ ᠭᠠᠵᠠᠷ ᠤᠨ ᠠᠷᠢᠭᠤᠨ ᠴᠡᠪᠡᠷ ᠤᠨ ᠠᠩᠬᠠᠷᠤᠭᠳᠠᠬᠤ ᠦᠭᠡᠢ  ᠦᠡᠴᠦᠭ᠂ ᠰᠠᠭᠤᠭᠠᠯᠢ ᠠᠷᠡᠳ ᠤᠨ ᠬᠤᠭ ᠨᠣᠪᠰᠢ ᠪᠠᠨ ᠣᠪᠤᠭᠠᠯᠠᠵᠦ ᠲᠠᠯᠪᠢᠬᠤ ᠭᠠᠵᠠᠷ ᠲᠤ ᠲᠣᠣᠱᠲᠠᠢ ᠪᠠᠶᠢᠴᠠᠭᠠᠨ ᠴᠡᠪᠡᠷᠯᠡᠭᠰᠡᠨ ᠪᠠᠶᠢᠨ᠎ᠠ᠃ ᠲᠣᠭᠤᠷᠢᠭ ᠤᠨ ᠤᠷᠴᠢᠨ ᠲᠤᠭᠤᠷᠢᠨ ᠤ ᠠᠷᠢᠭᠤᠨ ᠴᠡᠪᠡᠷ ᠢ ᠬᠠᠮᠠᠭᠠᠯᠠᠬᠤ ᠲᠣᠪᠴᠢᠶ᠎ᠠ ᠪᠠᠰᠠ ᠦᠷᠭᠦᠯᠵᠢᠯᠡᠨ ᠠᠩᠬᠠᠷᠤᠭᠳᠠᠬᠤ ᠦᠭᠡᠢ  ᠦᠡᠴᠦᠭ ᠳᠤ ᠪᠠᠶᠢᠴᠠᠭᠠᠯᠳᠠ ᠬᠢᠭᠦ ᠪᠠᠨ  ᠴᠢᠩᠭᠠᠳᠬᠠᠵᠦ᠂ ᠵᠠᠰᠠᠵᠦ ᠴᠡᠭᠴᠡᠯᠡᠬᠦ ᠬᠦᠴᠦ ᠪᠠᠨ ᠴᠢᠩᠭᠠᠳᠬᠠᠵᠦ᠂ ᠰᠠᠭᠤᠭᠠᠯᠢ ᠠᠷᠡᠳ ᠳᠤ ᠰᠠᠶᠢᠨ ᠰᠠᠶᠢᠬᠠᠨ ᠠᠮᠢᠳᠤᠷᠠᠯ ᠤᠨ ᠣᠷᠴᠢᠨ ᠲᠤᠭᠤᠷᠢᠨ ᠢ ᠪᠦᠳᠦᠭᠡᠶ᠎ᠡ᠃
 
ᠢᠷᠡᠯᠲᠡ᠄ ᠳ᠋ᠦᠩ ᠾᠧ ᠲᠣᠭᠤᠷᠢᠭ ᠤᠨ ᠠᠷᠡᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1