︽ᠭᠤᠷᠪᠠ ᠶᠢ ᠠᠳᠬᠤᠬᠤ ᠨᠢᠭᠡ ᠶᠢ ᠡᠭᠦᠳᠭᠦ︾ ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡᠨ ᠤ | ᠰᠢᠰᠲ᠋ᠧᠮ ᠤᠨ ᠰᠢᠨ᠎ᠠ ᠪᠠᠶᠢᠷᠢᠰᠢᠯ ᠢ ᠴᠢᠩᠭᠠᠳᠬᠠᠨ᠎ᠠ | — ᠴᠢᠩᠱᠠᠨ ᠳᠤᠭᠤᠷᠢᠭ ᠤᠨ ᠳᠠᠷᠤᠭ᠎ᠠ ᠬᠤ᠋ ᠷᠦᠩ ᠢ ᠰᠤᠷᠪᠤᠯᠵᠢᠯᠠᠭᠰᠠᠨ ᠨᠢ | ᠰᠤᠷᠪᠤᠯᠵᠢᠯᠠᠭ᠎ᠠ ᠶᠢᠨ ᠳᠤᠪᠴᠢ ᠠᠭᠤᠯᠭ᠎ᠠ᠄ ︽ᠵᠠᠰᠠᠭ ᠤᠨ ᠤᠷᠳᠤᠨ ᠬᠦᠳᠦᠯᠤᠨ ᠳᠠᠭᠠᠭᠤᠯᠬᠤ᠂ ᠡᠮ | ᠡᠮᠨᠡᠯᠭᠡ ᠪᠤᠯᠤᠨ ᠨᠠᠰᠤᠳᠠᠶᠢᠴᠤᠳ ᠤᠨ ᠠᠰᠠᠷᠠᠮᠵᠢ ᠶᠢ ᠤᠶᠠᠯᠳᠤᠭᠤᠯᠬᠤ᠂ ᠳᠠᠪᠠᠭᠤᠯᠢᠭ ᠢᠶᠠᠷ ᠢᠶᠠᠨ ᠬᠠᠷᠢᠯᠴᠠᠨ | ᠨᠦᠭᠦᠪᠦᠷᠢᠯᠡᠭᠦ᠂ ᠳᠤᠰᠬᠠᠢᠢᠵᠢᠭᠤᠯᠤᠨ ᠡᠵᠡᠩᠨᠡᠯᠳᠡ ᠬᠢᠭᠦ︾ ᠤᠯᠠᠨ ᠡᠰᠢᠴᠢᠯᠡᠭᠰᠡᠨ ᠨᠠᠰᠤᠳᠠᠶᠢᠴᠤᠳ ᠤᠨ | ᠠᠰᠠᠷᠠᠮᠵᠢ ᠶᠢᠨ ᠦᠢᠯᠡᠴᠢᠯᠡᠭᠡᠨ ᠤ ᠬᠦᠭᠵᠢᠯᠳᠡ ᠶᠢᠨ ᠵᠠᠮ ᠢ ᠠᠭᠠᠵᠢᠮ ᠢᠶᠠᠷ ᠪᠦᠷᠢᠯᠳᠤᠭᠦᠯᠤᠨᠠ᠃ | ᠬᠠᠩᠭᠠᠯᠭ᠎ᠠ ᠶᠢᠨ ᠳᠠᠯ᠎ᠠ ᠪᠦᠳᠦᠴᠡ ᠶᠢᠨ ᠴᠢᠨᠠᠷᠳᠠᠢ ᠦᠭᠡᠷᠡᠴᠢᠯᠡᠯᠳᠡ ᠶᠢᠨ ᠳᠠᠯ᠎ᠠ ᠪᠠᠷ ᠨᠠᠰᠤᠳᠠᠶᠢᠴᠤᠳ ᠲᠤ | ᠤᠯᠠᠨ ᠡᠰᠢᠴᠢᠯᠡᠭᠰᠡᠨ ᠠᠰᠠᠷᠠᠮᠵᠢ ᠶᠢᠨ ᠰᠤᠩᠭᠤᠯᠳᠠ ᠶᠢ ᠬᠠᠩᠭᠠᠨ ᠦᠭᠭᠦᠨ᠎ᠠ᠃ ᠨᠡᠶᠢᠭᠡᠮ ᠳᠤᠭᠤᠷᠢᠭ ᠤᠨ ᠡᠳᠦᠷ | ᠳᠤᠳᠤᠮ ᠤᠨ ᠬᠠᠷᠠᠭᠠᠯᠵᠠᠯ ᠤᠨ ᠲᠦᠪ 27᠂ ᠨᠠᠰᠤᠳᠠᠶᠢᠴᠤᠳ ᠤᠨ ᠠᠰᠠᠷᠠᠮᠵᠢ ᠶᠢᠨ ᠪᠠᠶᠢᠭᠤᠯᠤᠮᠵᠢ 7 ᠶᠢ | ᠪᠠᠶᠢᠭᠤᠯᠪᠠ᠃ ᠦᠪᠡᠷᠳᠡᠭᠡᠨ ᠵᠠᠰᠠᠬᠤ ᠤᠷᠤᠨ ᠤ ᠬᠠᠮᠤᠭ ᠠᠩᠬᠠᠨ ᠤ ᠡᠮ ᠡᠮᠨᠡᠯᠭᠡ ᠪᠤᠯᠤᠨ ᠨᠠᠰᠤᠳᠠᠶᠢᠴᠤᠳ ᠤᠨ | ᠠᠰᠠᠷᠠᠮᠵᠢ ᠶᠢ ᠤᠶᠠᠯᠳᠤᠭᠤᠯᠤᠭᠰᠠᠨ ᠨᠠᠰᠤᠳᠠᠶᠢᠴᠤᠳ ᠤᠨ ᠶᠡᠷᠦᠩᠬᠡᠶᠢᠯᠡᠨ ᠠᠰᠠᠷᠠᠨ ᠰᠤᠪᠢᠯᠠᠬᠤ ᠬᠦᠷᠢᠶᠡᠯᠡᠩ ᠢ | ᠪᠠᠶᠢᠭᠤᠯᠤᠭᠰᠠᠨ ᠪᠠᠶᠢᠨ᠎ᠠ᠃ ᠦᠪᠡᠷᠳᠡᠭᠡᠨ ᠵᠠᠰᠠᠬᠤ ᠤᠷᠤᠨ ᠤ ᠠᠩᠬᠠᠳᠠᠭᠴᠢ ︽ᠢᠨᠲ᠋ᠧᠷ ᠰᠦᠯᠵᠢᠶ᠎ᠠ + | ᠨᠠᠰᠤᠳᠠᠶᠢᠴᠤᠳ ᠤᠨ ᠠᠰᠠᠷᠠᠮᠵᠢ︾ ᠶᠢᠨ ᠵᠠᠭᠪᠤᠷ ᠤᠨ ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡ ᠶᠢ | ᠬᠡᠷ ᠲᠤᠨᠢ ᠬᠦᠷᠭᠡᠭᠦ ᠵᠢᠷᠭᠠᠯᠠᠩᠳᠤ ᠬᠦᠷᠢᠶᠡᠯᠡᠩ — ︽ᠵᠤᠯ ᠵᠢᠷᠭᠠᠯᠳᠤ 9 ᠨᠤᠮᠧᠷᠳᠤ︾ ᠨᠠᠰᠤᠳᠠᠶᠢᠴᠤᠳ ᠤᠨ | ᠠᠰᠠᠷᠠᠮᠵᠢ ᠶᠢᠨ ᠦᠢᠯᠡᠴᠢᠯᠡᠭᠡ ᠶᠢ ᠬᠡᠷ ᠲᠤᠨᠢ ᠬᠦᠷᠭᠡᠭᠦ ᠵᠢᠷᠭᠠᠯᠠᠩᠳᠤ ᠬᠦᠷᠢᠶᠡᠯᠡᠩ ᠤᠨ ᠲᠦᠷᠦᠯ ᠵᠦᠢᠯ ᠢ ᠳᠠᠳᠠᠨ | ᠤᠷᠤᠭᠤᠯᠪᠠ᠃ 2014 ᠤᠨ ᠠᠴᠠ ᠨᠠᠰᠢ᠂ ᠬᠤᠳᠠ ᠳᠤᠭᠤᠷᠢᠭ ᠤᠨ ᠬᠤᠶᠠᠷ ᠱᠠᠳᠤᠨ ᠠᠴᠠ 260 ᠲᠦᠮᠡ | ᠰᠢᠬᠠᠮ ᠲᠦᠭᠦᠷᠢᠭ ᠤᠨ ᠪᠡᠯᠡ ᠤᠷᠤᠭᠤᠯᠵᠤ 2000 ᠬᠦᠮᠦᠨ ᠤᠳᠠᠭ᠎ᠠ ᠶᠢᠨ ᠨᠠᠰᠤᠳᠠᠨ ᠳ᠋ᠤᠨᠠᠰᠤᠳᠠᠶᠢᠴᠤᠳ ᠤᠨ | ᠠᠰᠠᠷᠠᠮᠵᠢ ᠶᠢᠨ ᠦᠢᠯᠡᠴᠢᠯᠡᠭᠡ ᠶᠢ ᠬᠡᠷ ᠲᠤᠨᠢ ᠬᠦᠷᠭᠡᠵᠤ᠂ ᠬᠡᠷ ᠪᠦᠯᠢ ᠶᠢᠨ ᠠᠷᠢᠭᠤᠨ ᠴᠡᠪᠡᠷ ᠤᠨ ᠦᠢᠯᠡᠴᠢᠯᠡᠭᠡ᠂ | ᠠᠮᠢᠳᠤᠷᠠᠯ ᠤᠨ ᠬᠠᠷᠠᠭᠠᠯᠵᠠᠯ ᠤᠨ ᠦᠢᠯᠡᠴᠢᠯᠡᠭᠡ᠂ ᠦᠵᠡᠯ ᠰᠠᠨᠠᠭ᠎ᠠ ᠶᠢ ᠨᠢ ᠳᠠᠶᠢᠳᠬᠤᠷᠠᠭᠤᠯᠬᠤ ᠪᠠ ᠨᠡᠶᠢᠭᠡᠮ ᠤᠨ | ᠴᠢᠳᠠᠪᠤᠷᠢ ᠶᠢ ᠨᠢ ᠰᠡᠷᠭᠦᠭᠡᠭᠦ ᠦᠢᠯᠡᠴᠢᠯᠡᠭᠡ᠂ ᠡᠮ ᠡᠮᠨᠡᠯᠭᠡ ᠡᠷᠡᠭᠦᠯᠵᠢᠯ ᠤᠨ ᠦᠢᠯᠡᠴᠢᠯᠡᠭᠡ ᠵᠡᠷᠭᠡ ᠦᠨᠳᠦᠰᠤᠨ | ᠴᠢᠨᠠᠷᠳᠠᠢᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡ ᠶᠢ ᠬᠡᠷ ᠲᠤᠨᠢ ᠬᠦᠷᠭᠡᠭᠦ ᠬᠡᠷᠡᠭᠴᠡᠭᠡ ᠵᠡᠷᠭᠡ | ᠦᠢᠯᠡᠴᠢᠯᠡᠭᠡᠨ ᠤ ᠬᠦᠷᠢᠶ᠎ᠠ ᠬᠡᠪᠴᠢᠶᠡᠨ ᠳᠤ ᠬᠦᠷᠳᠡᠯ᠎ᠠ ᠠᠭᠠᠵᠢᠮ ᠢᠶᠠᠷ ᠦᠷᠭᠡᠳᠭᠡᠭᠰᠡᠨ ᠪᠠᠶᠢᠨ᠎ᠠ᠃ | ᠰᠤᠷᠪᠤᠯᠵᠢᠯᠠᠭ᠎ᠠ ᠬᠦᠯᠢᠶᠡᠭᠴᠢ᠄ ᠴᠢᠩᠱᠠᠨ ᠳᠤᠭᠤᠷᠢᠭ ᠤᠨ ᠳᠠᠷᠤᠭ᠎ᠠ ᠬᠤ᠋ ᠷᠦᠩ ᠰᠤᠷᠪᠤᠯᠵᠢᠯᠠᠭᠰᠠᠨ ᠴᠠᠭ᠄ | 2016 ᠤᠨ ᠤ 9 ᠰᠠᠷ᠎ᠠ ᠶᠢᠨ 30 ᠤ ᠡᠳᠦᠷ | ᠬᠦᠳᠦᠯᠦᠭᠴᠢ᠄ ᠡᠳᠦᠷ ᠢᠷᠡᠭᠦᠶ᠎ᠠ ᠬᠦᠨᠳᠦᠷᠡᠵᠤ ᠪᠠᠶᠢᠭ᠎ᠠ ᠨᠠᠰᠤᠳᠠᠶᠢᠴᠤᠳ ᠤᠨ ᠠᠰᠠᠷᠠᠮᠵᠢ ᠶᠢᠨ | ᠬᠦᠴᠢᠷᠳᠡᠯ ᠳᠤ ᠴᠢᠭᠯᠡᠭᠦᠯᠦᠨ᠂ ᠴᠢᠩᠱᠠᠨ ᠳᠤᠭᠤᠷᠢᠭ ᠤᠨ ᠵᠠᠬ᠎ᠠ ᠳᠡᠯᠭᠡᠭᠦᠷᠴᠢᠯᠡᠭᠰᠡᠨ ᠨᠠᠰᠤᠳᠠᠶᠢᠴᠤᠳ ᠤᠨ | ᠠᠰᠠᠷᠠᠮᠵᠢ ᠶᠢᠨ ᠦᠭᠡᠷᠡᠴᠢᠯᠡᠯᠳᠡ ᠶᠢᠨ ᠳᠤᠷᠰᠢᠯᠳᠠ ᠶᠢᠨ ᠴᠢᠬ ᠤᠨ ᠠᠵᠢᠯ ᠳᠤᠮᠳᠠᠬᠢ ᠶᠡᠷᠦᠩᠬᠡᠢ ᠰᠡᠳᠬᠢᠴᠡ ᠨᠢ | ᠶᠠᠭᠤ ᠪᠤᠢ︖ ᠲᠦᠷᠦ ᠶᠢᠨ ᠪᠤᠳᠤᠯᠭ᠎ᠠ ᠲᠦᠯᠦᠪᠵᠢᠭᠦᠯᠭᠡ ᠶᠢᠨ ᠳᠠᠯ᠎ᠠ ᠪᠠᠷ ᠬᠡᠷᠬᠢᠨ ᠨᠠᠶᠢᠳᠠᠪᠤᠷᠢᠵᠢᠭᠤᠯᠵᠤ ᠪᠠᠶᠢᠭ᠎ᠠ | ᠪᠤᠢ︖ | ᠬᠤ᠋ ᠷᠦᠩ᠄ ᠴᠢᠩᠱᠠᠨ ᠳᠤᠭᠤᠷᠢᠭ ᠪᠤᠯ ᠪᠤᠭᠤᠳᠤ ᠬᠤᠳᠠ ᠶᠢᠨ ᠲᠦᠪ ᠭᠠᠵᠠᠷ ᠤᠷᠤᠨ ᠪᠤᠯᠤᠨ᠎ᠠ᠂ ᠴᠢᠩᠱᠠᠨ | ᠳᠤᠭᠤᠷᠢᠭ ᠤᠨ ᠨᠠᠰᠤᠳᠠᠶᠢᠴᠤᠳ ᠤᠨ ᠤᠯᠠᠩᠬᠢ ᠨᠢ ᠠᠵᠤ ᠦᠢᠯᠡᠰ ᠤᠨ ᠠᠵᠢᠯᠴᠢᠨ ᠪᠤᠯᠬᠤ ᠪᠦᠭᠡᠳ ᠮᠡᠳᠡᠯᠭᠡ | ᠰᠤᠶᠤᠯ ᠲᠠᠢ ᠬᠦᠮᠦᠨ ᠶᠤᠮ᠃ ᠡᠨᠡᠭᠦ ᠪᠤᠳᠠᠳᠠᠢ ᠪᠠᠶᠢᠳᠠᠯ ᠲᠠᠢ ᠤᠶᠠᠯᠳᠤᠭᠤᠯᠤᠨ᠂ ᠴᠢᠩᠱᠠᠨ ᠳᠤᠭᠤᠷᠢᠭ | ᠨᠠᠰᠤᠳᠠᠶᠢᠴᠤᠳ ᠤᠨ ᠠᠰᠠᠷᠠᠮᠵᠢ ᠶᠢᠨ ᠠᠵᠢᠯ ᠤᠨ ᠳᠠᠯ᠎ᠠ ᠪᠠᠷ ︽ᠠᠭᠤᠰᠤᠯᠴᠠᠬᠤ ᠶᠢ ᠠᠳᠬᠤᠬᠤ᠂ ᠵᠠᠬ᠎ᠠ | ᠳᠡᠯᠭᠡᠭᠦᠷ ᠢ ᠠᠳᠬᠤᠬᠤ᠂ ᠠᠵᠤ ᠦᠢᠯᠡᠰ ᠢ ᠠᠳᠬᠤᠬᠤ᠂ ᠲᠦᠷᠦᠯ ᠳᠡᠮᠳᠡᠭ ᠢ ᠡᠭᠦᠳᠭᠦ︾ ᠭᠡᠭᠦ ︽ᠭᠤᠷᠪᠠ ᠶᠢ | ᠠᠳᠬᠤᠬᠤ ᠨᠢᠭᠡ ᠶᠢ ᠡᠭᠦᠳᠭᠦ︾ ᠪᠠᠶᠢᠷᠢᠰᠢᠯ ᠪᠦᠷᠢᠯᠳᠦᠭᠰᠡᠨ ᠪᠠᠶᠢᠨ᠎ᠠ᠃ | ︽ᠠᠭᠤᠰᠤᠯᠴᠠᠭᠤᠯᠬᠤ ᠶᠢ ᠠᠳᠬᠤᠬᠤ︾ ᠭᠡᠳᠡᠭ ᠨᠢ ᠪᠠᠶᠢᠭᠤᠯᠤᠮᠵᠢ ᠶᠢᠨ ᠨᠠᠰᠤᠳᠠᠶᠢᠴᠤᠳ ᠤᠨ ᠠᠰᠠᠷᠠᠮᠵᠢ᠂ | ᠨᠡᠶᠢᠭᠡᠮ ᠳᠤᠭᠤᠷᠢᠭ ᠤᠨ ᠨᠠᠰᠤᠳᠠᠶᠢᠴᠤᠳ ᠤᠨ ᠠᠰᠠᠷᠠᠮᠵᠢ᠂ ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡ ᠶᠢ | ᠬᠡᠷ ᠲᠤᠨᠢ ᠬᠦᠷᠭᠡᠭᠦ ᠶᠢ ᠠᠭᠤᠰᠤᠯᠴᠠᠭᠤᠯᠤᠨ ᠬᠦᠭᠵᠢᠭᠦᠯᠦᠨ᠎ᠠ︔ ︽ᠵᠠᠬ᠎ᠠ ᠳᠡᠯᠭᠡᠭᠦᠷ ᠢ ᠠᠳᠬᠤᠬᠤ︾ ᠭᠡᠳᠡᠭ ᠨᠢ | ᠵᠠᠰᠠᠭ ᠤᠨ ᠤᠷᠳᠤᠨ ᠤ ᠬᠦᠳᠦᠯᠦᠨ ᠵᠢᠯᠤᠭᠤᠳᠬᠤ ᠪᠠᠷ ᠳᠠᠮᠵᠢᠨ᠂ ᠨᠠᠶᠢᠭᠡᠮ ᠤᠨ ᠡᠳ᠋ ᠬᠦᠷᠦᠩᠭᠡ᠂ ᠨᠡᠶᠢᠭᠡᠮ ᠤᠨ | ᠬᠦᠴᠦᠨ ᠢ ᠨᠠᠰᠤᠳᠠᠶᠢᠴᠤᠳ ᠤᠨ ᠠᠰᠠᠷᠠᠮᠵᠢ ᠶᠢᠨ ᠠᠵᠢᠯ ᠦᠢᠯᠡᠰ ᠲᠤ ᠤᠷᠤᠭᠤᠯᠬᠤ ᠶᠢ ᠵᠤᠷᠢᠬᠵᠢᠭᠤᠯᠤᠨ ᠳᠡᠮᠵᠢᠵᠤ | ᠂ ᠨᠡᠶᠢᠭᠡᠮ ᠤᠨ ᠬᠦᠴᠤᠨ ᠢ ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡᠨ ᠤ ᠦᠢᠯᠡᠰ ᠤᠨ ᠬᠦᠭᠵᠢᠯᠳᠡ ᠶᠢᠨ | ᠭᠤᠤᠯ ᠴᠤᠭᠴᠠ ᠪᠤᠯᠭᠠᠨ᠎ᠠ︔ ︽ᠠᠵᠤ ᠦᠢᠯᠡᠰ ᠢ ᠠᠳᠬᠤᠬᠤ︾ ᠭᠡᠳᠡᠭ ᠨᠢ ᠨᠢᠭᠡ ᠳᠠᠯ᠎ᠠ ᠪᠠᠷ ︽ᠢᠨᠲ᠋ᠧᠷ | ᠰᠦᠯᠵᠢᠶ᠎ᠠ +︾ ᠶᠢᠨ ᠠᠵᠠ ᠳᠤᠬᠢᠶᠠᠯ ᠢ ᠠᠳᠬᠤᠨ᠂ ᠨᠠᠰᠤᠳᠠᠶᠢᠴᠤᠳ ᠤᠨ ᠠᠰᠠᠷᠠᠮᠵᠢ ᠶᠢᠨ ᠰᠦᠯᠵᠢᠶᠡᠨ ᠳᠡᠭᠡᠷᠡᠬᠢ | ᠬᠤᠳᠠᠯᠳᠤᠭ᠎ᠠ᠂ ᠠᠯᠤᠰ ᠡᠵᠡᠮᠰᠢᠯ ᠤᠨ ᠡᠮ ᠡᠮᠨᠡᠯᠭᠡ ᠶᠢᠨ ᠦᠢᠯᠡᠴᠢᠯᠡᠭᠡ ᠵᠡᠷᠭᠡ ᠶᠢ ᠬᠦᠭᠵᠢᠭᠦᠯᠤᠨ᠎ᠡ᠃ ᠨᠦᠭᠦᠭᠡ | ᠳᠠᠯ᠎ᠠ ᠪᠠᠷ ᠨᠠᠰᠤᠳᠠᠶᠢᠴᠤᠳ ᠲᠤ ᠠᠵᠤ ᠦᠢᠯᠡᠰ ᠳᠤᠬᠢᠷᠠᠭᠤᠯᠬᠤ ᠲᠦᠪ᠂ ᠨᠠᠰᠤᠳᠠᠶᠢᠴᠤᠳ ᠤᠨ ᠰᠤᠪᠢᠯᠠᠯᠳᠠ ᠶᠢᠨ | ᠪᠤᠯᠪᠠᠰᠤᠷᠠᠯ ᠤᠨ ᠦᠢᠯᠡᠴᠢᠯᠡᠭᠡ ᠵᠡᠷᠭᠡ ᠤᠯᠠᠮᠵᠢᠯᠠᠯᠳᠤ ᠲᠦᠭᠦᠷᠵᠢᠭᠰᠡᠨ ᠠᠵᠤ ᠦᠢᠯᠡᠰ ᠤᠨ ᠬᠦᠭᠵᠢᠯᠳᠡ ᠶᠢ | ᠠᠳᠬᠤᠵᠤ᠂ ᠨᠠᠰᠤᠳᠠᠶᠢᠴᠤᠳ ᠤᠨ ᠠᠰᠠᠷᠠᠮᠵᠢ ᠶᠢᠨ ᠠᠵᠤ ᠦᠢᠯᠡᠰ ᠤᠨ ᠬᠦᠭᠵᠢᠯᠳᠡ ᠶᠢ ᠠᠬᠢᠭᠤᠯᠤᠨ᠎ᠠ︔ ︽ | ᠲᠦᠷᠦᠯ ᠳᠡᠮᠳᠡᠭ ᠢ ᠡᠭᠦᠳᠭᠦ︾ ᠭᠡᠳᠡᠭ ᠨᠢ ᠤᠳᠤᠬᠠᠨ ᠳᠤ ᠪᠠᠶᠢᠭ᠎ᠠ ︽ᠾᠦᠢ ᠳ᠋ᠧ ᠨᠠᠰᠤᠳᠠᠶᠢᠴᠤᠳ ᠤᠨ | ᠠᠰᠠᠷᠠᠮᠵᠢ ᠶᠢᠨ ᠬᠤᠯᠪᠤᠭᠠᠳᠤ ᠪᠠᠶᠢᠭᠤᠯᠤᠮᠵᠢ︾ ︽ᠬᠤᠩ ᠷᠧᠨ ᠨᠡᠶᠢᠭᠡᠮ ᠤᠨ ᠠᠵᠢᠯ ᠤᠨ ᠨᠠᠰᠤᠳᠠᠶᠢᠴᠤᠳ ᠤᠨ | ᠠᠰᠠᠷᠠᠮᠵᠢ ᠶᠢᠨ ᠦᠢᠯᠡᠴᠢᠯᠡᠭᠡᠨ ᠤ ᠨᠡᠶᠢᠭᠡᠮ ᠤᠨ ᠵᠤᠬᠢᠶᠠᠨ ᠪᠠᠶᠢᠭᠤᠯᠤᠯᠳᠠ︾ ᠵᠡᠷᠭᠡ ᠨᠢᠭᠡᠨ ᠪᠦᠯᠦᠭ ᠨᠡᠯᠢᠶᠡᠳ | ᠪᠤᠯᠪᠠᠰᠤᠷᠠᠩᠭᠤᠢ ᠪᠤᠯᠤᠭᠰᠠᠨ ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡᠨ ᠤ ᠠᠵᠤ ᠠᠬᠤᠢᠢᠯᠠᠯ ᠪᠤᠯᠤᠨ | ᠵᠤᠬᠢᠶᠠᠨ ᠪᠠᠶᠢᠭᠤᠯᠤᠯᠳᠠ ᠶᠢᠨ ᠰᠠᠭᠤᠷᠢᠨ ᠳᠤ᠂ ᠦᠪᠡᠷᠳᠡᠭᠡᠨ ᠵᠠᠰᠠᠬᠤ ᠤᠷᠤᠨ ᠤ ᠠᠩᠬᠠᠳᠠᠭᠴᠢ ︽ᠵᠤᠯ ᠵᠢᠷᠭᠠᠯᠳᠤ | 9 ᠨᠤᠮᠧᠷᠳᠤ︾ ᠡᠳᠦᠷ ᠳᠤᠳᠤᠮ ᠤᠨ ᠬᠠᠷᠠᠭᠠᠯᠵᠠᠯ ᠤᠨ ᠲᠦᠪ ᠵᠡᠷᠭᠡ ᠨᠦᠯᠦᠭᠡ ᠶᠡᠭᠡᠳᠠᠢ ᠨᠠᠰᠤᠳᠠᠶᠢᠴᠤᠳ ᠤᠨ | ᠠᠰᠠᠷᠠᠮᠵᠢ ᠶᠢᠨ ᠦᠢᠯᠡᠴᠢᠯᠡᠭᠡᠨ ᠤ ᠲᠦᠷᠦᠯ ᠲᠡᠮᠳᠡᠭ ᠢ ᠳᠠᠳᠠᠨ ᠤᠷᠤᠭᠤᠯᠤᠨ᠎ᠠ᠃ | ᠴᠢᠩᠱᠠᠨ ᠳᠤᠭᠤᠷᠢᠭ ᠤᠷᠢᠳ ᠬᠤᠵᠢᠳ ᠡᠳᠦᠷ ᠳᠤᠳᠤᠮ ᠤᠨ ᠬᠠᠷᠠᠭᠠᠯᠵᠠᠯ ᠤᠨ ᠲᠦᠪ ᠢ 27᠂ | ᠨᠠᠰᠤᠳᠠᠶᠢᠴᠤᠳ ᠤᠨ ᠠᠰᠠᠷᠠᠮᠵᠢ ᠶᠢᠨ ᠪᠠᠶᠢᠭᠤᠯᠤᠮᠵᠢ 7 ᠶᠢ ᠪᠠᠶᠢᠭᠤᠯᠤᠭᠰᠠᠨ ᠶᠤᠮ᠃ ᠬᠡᠳᠡᠯ᠎ᠠ ᠬᠤᠶᠢᠰᠢᠳᠠ ᠶᠢᠨ | ᠬᠠᠮᠢᠶᠠᠷᠤᠯᠳᠠ ᠡᠵᠡᠩᠨᠡᠯᠳᠡ ᠶᠢᠨ ᠳᠠᠯ᠎ᠠ ᠪᠠᠷ ᠦᠷᠭᠦᠯᠵᠢᠯᠡᠨ ᠪᠡᠯᠡ ᠤᠷᠤᠭᠤᠯᠬᠤ ᠰᠢᠯᠳᠠᠭᠠᠨ ᠠᠴᠠ ᠪᠤᠯᠵᠤ᠂ | ᠵᠠᠰᠠᠭ ᠤᠨ ᠤᠷᠳᠤᠨ ᠤ ᠳᠠᠷᠤᠭᠠᠰᠤ ᠬᠦᠨᠳᠦᠷᠡᠨ᠂ ᠦᠷᠭᠦᠯᠵᠢᠯᠡᠨ ᠡᠷᠬᠢᠯᠡᠭᠦ ᠳᠤ ᠬᠦᠴᠢᠷᠳᠡᠯ ᠳᠤ ᠳᠤᠯᠭᠠᠷᠠᠵᠠᠢ᠃ | ᠡᠶᠢᠮᠦ ᠪᠠᠶᠢᠳᠠᠯ ᠳᠤᠤᠷ᠎ᠠ᠂ 2014 ᠤᠨ ᠠᠴᠠ ᠡᠬᠢᠯᠡᠨ᠂ ᠵᠠᠰᠠᠭ ᠤᠨ ᠤᠷᠳᠤᠨ ᠳᠠᠪᠴᠠᠩ ᠪᠠᠶᠢᠭᠤᠯᠤᠨ ᠦᠭᠭᠦ ᠶᠢ | ᠬᠠᠷᠢᠭᠤᠴᠠᠨ᠂ ᠠᠵᠤ ᠠᠬᠤᠢᠢᠯᠠᠯ ᠪᠤᠯᠤᠨ ᠨᠡᠶᠢᠭᠡᠮ ᠤᠨ ᠵᠤᠬᠢᠶᠠᠨ ᠪᠠᠶᠢᠭᠤᠯᠤᠯᠳᠠ ᠠᠴᠠ ᠪᠡᠯᠡ ᠤᠷᠤᠭᠤᠯᠤᠨ᠂ | ᠬᠠᠮᠢᠶᠠᠷᠤᠯᠳᠠ ᠬᠢᠵᠤ ᠡᠵᠡᠩᠨᠡᠭᠰᠡᠨ ᠪᠠᠶᠢᠨ᠎ᠠ᠃ ᠤᠳᠤᠬᠠᠨ ᠳᠤ ᠡᠨᠡᠭᠦ 27 ᠡᠳᠦᠷ ᠳᠤᠳᠤᠮ ᠤᠨ ᠬᠠᠷᠠᠭᠠᠯᠵᠠᠯ ᠤᠨ | ᠲᠦᠪ ᠤᠨ 16 ᠶᠢ ᠨᠢ ᠨᠡᠶᠢᠭᠡᠮ ᠤᠨ ᠵᠤᠬᠢᠶᠠᠨ ᠪᠠᠶᠢᠭᠤᠯᠤᠯᠳᠠ ᠪᠤᠶᠤ ᠠᠵᠤ ᠠᠬᠤᠢᠢᠯᠠᠯ ᠠᠴᠠ ᠡᠵᠡᠩᠨᠡᠵᠤ ᠪᠠᠶᠢᠯ᠎ᠠ᠃ | | ᠬᠦᠳᠦᠯᠦᠭᠴᠢ᠄ ᠴᠢᠩᠱᠠᠨ ᠳᠤᠭᠤᠷᠢᠭ ︽ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡ ᠶᠢ ᠬᠡᠷ ᠲᠤᠨᠢ | ᠬᠦᠷᠭᠡᠭᠦ ᠪᠠᠷ ᠰᠠᠭᠤᠷᠢ ᠪᠤᠯᠭᠠᠨ᠂ ᠨᠡᠶᠢᠭᠡᠮ ᠳᠤᠭᠤᠷᠢᠭ ᠤᠨ ᠨᠠᠰᠤᠳᠠᠶᠢᠴᠤᠳ ᠤᠨ ᠠᠰᠠᠷᠠᠮᠵᠢ ᠪᠠᠷ ᠲᠦᠰᠢᠭ ᠪᠤᠯᠭᠠᠨ | ᠂ ᠪᠠᠶᠢᠭᠤᠯᠤᠮᠵᠢ ᠶᠢᠨ ᠨᠠᠰᠤᠳᠠᠶᠢᠴᠤᠳ ᠤᠨ ᠠᠰᠠᠷᠠᠮᠵᠢ ᠪᠠᠷ ᠳᠤᠯᠭᠠᠭᠤᠷᠢᠯᠠᠯ ᠪᠤᠯᠭᠠᠬᠤ︾ ᠨᠠᠰᠤᠳᠠᠶᠢᠴᠤᠳ ᠤᠨ | ᠠᠰᠠᠷᠠᠮᠵᠢ ᠶᠢᠨ ᠦᠢᠯᠡᠴᠢᠯᠡᠭᠡᠨ ᠤ ᠰᠢᠰᠲ᠋ᠧᠮ ᠤᠨ ᠪᠦᠳᠦᠭᠡᠨ ᠪᠠᠶᠢᠭᠤᠯᠤᠯᠳᠠ ᠶᠢᠨ ᠰᠡᠳᠬᠢᠴᠡ ᠶᠢ ᠬᠡᠷᠬᠢᠨ | ᠳᠤᠤᠱᠯᠠᠭᠤᠯᠤᠨ ᠨᠠᠶᠢᠳᠠᠪᠤᠷᠢᠵᠢᠭᠤᠯᠬᠤ ᠪᠤᠢ︖ | ᠬᠤ᠋ ᠷᠦᠩ᠄ ᠡᠳᠦᠷ ᠢᠷᠡᠭᠦᠶ᠎ᠠ ᠤᠯᠠᠨ ᠡᠰᠢᠯᠡᠵᠤ ᠪᠠᠶᠢᠭ᠎ᠠ ᠨᠠᠰᠤᠳᠠᠶᠢᠴᠤᠳ ᠤᠨ ᠠᠰᠠᠷᠠᠮᠵᠢ ᠶᠢᠨ | ᠦᠢᠯᠡᠴᠢᠯᠡᠭᠡᠨ ᠤ ᠬᠡᠷᠡᠭᠴᠡᠭᠡ ᠳᠤ ᠴᠢᠭᠯᠡᠭᠦᠯᠦᠨ᠂ ︽ᠵᠠᠰᠠᠭ ᠤᠨ ᠤᠷᠳᠤᠨ ᠬᠦᠳᠦᠯᠤᠨ ᠳᠠᠭᠠᠭᠤᠯᠬᠤ᠂ ᠡᠮ ᠡᠮᠨᠡᠯᠭᠡ | ᠪᠤᠯᠤᠨ ᠨᠠᠰᠤᠳᠠᠶᠢᠴᠤᠳ ᠤᠨ ᠠᠰᠠᠷᠠᠮᠵᠢ ᠶᠢ ᠤᠶᠠᠯᠳᠤᠭᠤᠯᠬᠤ᠂ ᠳᠠᠪᠠᠭᠤᠯᠢᠭ ᠢᠶᠠᠷ ᠢᠶᠠᠨ ᠬᠠᠷᠢᠯᠴᠠᠨ ᠨᠦᠭᠦᠪᠦᠷᠢᠯᠡᠭᠦ᠂ | ᠳᠤᠰᠬᠠᠢᠢᠵᠢᠭᠤᠯᠤᠨ ᠡᠵᠡᠩᠨᠡᠯᠳᠡ ᠬᠢᠭᠦ︾ ᠬᠦᠭᠵᠢᠯᠳᠡ ᠶᠢᠨ ᠰᠡᠳᠬᠢᠴᠡ ᠪᠠᠷ᠂ ᠵᠠᠬ᠎ᠠ ᠳᠡᠯᠭᠡᠭᠦᠷᠴᠢᠯᠡᠨ | ᠡᠷᠬᠢᠯᠡᠭᠦ ᠪᠠᠷ ᠳᠠᠮᠵᠢᠨ᠂ ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡᠨ ᠤ ︽ᠲᠦᠷᠪᠡᠨ ᠪᠦᠬᠦ ᠳᠠᠯ᠎ᠠ︾ ᠶᠢᠨ | ᠬᠦᠭᠵᠢᠯᠳᠡ ᠶᠢ ᠪᠡᠶᠡᠯᠡᠭᠦᠯᠤᠨ᠎ᠠ᠃ ᠨᠢᠭᠡ ᠳᠤ ᠨᠡᠶᠢᠭᠡᠮ ᠳᠤᠭᠤᠷᠢᠭ ᠤᠨ ᠦᠢᠯᠡᠴᠢᠯᠡᠭᠡ ᠶᠢ ᠪᠦᠬᠦᠨ ᠢ ᠪᠦᠷᠭᠦᠭᠦᠯᠦᠨ᠎ᠠ | ᠃ ᠮᠠᠨ ᠤ ᠳᠤᠭᠤᠷᠢᠭ ᠭᠤᠷᠪᠠᠨ ᠵᠢᠯ ᠳᠠᠷᠠᠭᠠᠯᠠᠨᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡ ᠶᠢ ᠬᠡᠷ ᠲᠤᠨᠢ | ᠬᠦᠷᠭᠡᠭᠦ ︽ᠭᠤᠷᠪᠠ ᠬᠤᠶᠠᠷ ᠨᠢᠭᠡ︾ ᠢᠨᠵᠧᠨᠧᠷᠢᠩ ᠢ ᠵᠠᠰᠠᠭ ᠤᠨ ᠤᠷᠳᠤᠨ ᠠᠴᠠ ᠬᠤᠳᠠᠯᠳᠤᠨ ᠠᠪᠴᠦ | ᠬᠡᠷᠡᠭᠵᠢᠭᠦᠯᠵᠤ ᠪᠠᠶᠢᠨ᠎ᠠ᠃ ᠴᠢᠩᠱᠠᠨ ᠳᠤᠭᠤᠷᠢᠭ ᠲᠤ ᠡᠷᠦᠭᠡ ᠠᠮᠠ ᠶᠢᠨ ᠳᠠᠩᠰᠠ ᠨᠢ ᠪᠠᠶᠢᠭ᠎ᠠ 70 ᠨᠠᠰᠤᠨ ᠠᠴᠠ | ᠳᠡᠭᠡᠭᠰᠢᠬᠢ ᠤᠨᠴᠠ ᠨᠢᠭᠡ ᠪᠦᠯᠦᠭ ᠨᠠᠰᠤᠳᠠᠶᠢᠴᠤᠳ ᠲᠤ ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡ ᠶᠢ | ᠬᠡᠷ ᠲᠤᠨᠢ ᠬᠦᠷᠭᠡᠭᠦ ᠶᠢ ᠵᠡᠰᠠᠭ ᠤᠨ ᠤᠷᠳᠤᠨ ᠠᠴᠠ ᠬᠤᠳᠠᠯᠳᠤᠨ ᠠᠪᠴᠦ ᠬᠡᠷᠡᠭᠵᠢᠭᠦᠯᠪᠡ᠃ ᠨᠡᠶᠢᠭᠡᠮ | ᠳᠤᠭᠤᠷᠢᠭ ᠲᠤ ︽ᠬᠡᠶᠢᠰᠪᠦᠷᠢ ᠨᠠᠰᠤᠳᠠᠶᠢᠴᠤᠳ ᠤᠨ ᠠᠰᠠᠷᠠᠮᠵᠢ ᠶᠢᠨ ᠬᠦᠷᠢᠶᠡᠯᠡᠩ︾ ᠢ ᠪᠦᠳᠦᠭᠡᠨ ᠪᠠᠶᠢᠭᠤᠯᠬᠤ ᠶᠢ | ᠳᠡᠯᠭᠡᠷᠡᠭᠦᠯᠵᠤ᠂ ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡ ᠶᠢ ᠬᠡᠷ ᠲᠤᠨᠢ ᠬᠦᠷᠭᠡᠭᠦᠠᠵᠢᠯ ᠢ ᠠᠬᠢᠭᠤᠯᠪᠠ᠃ | ᠬᠤᠶᠠᠷ ᠲᠤ ᠨᠡᠶᠢᠭᠡᠮ ᠤᠨ ᠵᠤᠬᠢᠶᠠᠨ ᠪᠠᠶᠢᠭᠤᠯᠤᠯᠳᠠ ᠪᠦᠬᠦ ᠳᠠᠯ᠎ᠠ ᠪᠠᠷ ᠤᠷᠤᠯᠴᠠᠪᠠ᠃ ᠨᠠᠰᠤᠳᠠᠶᠢᠴᠤᠳ ᠲᠤ | ᠬᠠᠨᠳᠤᠭᠤᠯᠤᠭᠰᠠᠨ ᠨᠡᠶᠢᠭᠡᠮ ᠤᠨ ᠵᠤᠬᠢᠶᠠᠨ ᠪᠠᠶᠢᠭᠤᠯᠤᠯᠳᠠ ᠶᠢ ᠶᠡᠭᠡᠪᠡᠷ ᠬᠦᠭᠵᠢᠭᠦᠯᠵᠤ᠂ ᠦᠢᠯᠡᠴᠢᠯᠡᠭᠡ ᠶᠢ | ᠨᠠᠷᠢᠯᠢᠬᠵᠢᠭᠤᠯᠬᠤ ᠶᠢᠨ ᠬᠠᠮᠳᠤ᠂ ᠵᠠᠰᠠᠭ ᠤᠨ ᠤᠷᠳᠤᠨ ᠠᠴᠠ ᠦᠢᠯᠡᠴᠢᠯᠡᠭᠡ ᠶᠢ ᠬᠤᠳᠠᠯᠳᠤᠨ ᠠᠪᠬᠤ ᠪᠠᠷ ᠳᠠᠮᠵᠢᠨ | ᠨᠠᠰᠤᠳᠠᠶᠢᠴᠤᠳ ᠲᠤ ᠳᠤᠰᠬᠠᠢ ᠵᠦᠢᠯ ᠤᠨ ᠦᠢᠯᠡᠴᠢᠯᠡᠭᠡ ᠬᠠᠩᠭᠠᠵᠤ ᠪᠠᠶᠢᠯ᠎ᠠ᠃ ᠭᠤᠷᠪᠠ ᠳᠤ ᠡᠮ ᠡᠮᠨᠡᠯᠭᠡ ᠪᠤᠯᠤᠨ | ᠨᠠᠰᠤᠳᠠᠶᠢᠴᠤᠳ ᠤᠨ ᠠᠰᠠᠷᠠᠮᠵᠢ ᠶᠢ ᠬᠠᠷᠢᠯᠴᠠᠨ ᠤᠶᠠᠯᠳᠤᠭᠤᠯᠤᠨ ᠠᠬᠢᠭᠤᠯᠪᠠ᠃ ᠲᠦᠷᠪᠡ ᠳᠤ ᠨᠠᠰᠤᠳᠠᠶᠢᠴᠤᠳ ᠤᠨ | ᠠᠰᠠᠷᠠᠮᠵᠢ ᠶᠢᠨ ᠦᠢᠯᠡᠴᠢᠯᠡᠭᠡᠨ ᠤ ᠦᠢᠯᠡᠰ ᠢ ᠪᠦᠬᠦ ᠳᠠᠯ᠎ᠠ ᠪᠠᠷ ᠬᠦᠭᠵᠢᠭᠦᠯᠪᠡ᠃ ᠨᠡᠶᠢᠭᠡᠮ ᠤᠨ ᠡᠬᠢ ᠪᠠᠶᠠᠯᠢᠭ ᠢ | ᠬᠦᠳᠡᠯᠭᠡᠨ᠂ ︽ᠵᠤᠯ ᠵᠢᠷᠭᠠᠯᠳᠤ 9 ᠨᠤᠮᠧᠷᠳᠤ︾ ᠨᠠᠰᠤᠳᠠᠶᠢᠴᠤᠳ ᠤᠨ ᠵᠢᠷᠭᠠᠯᠠᠩᠳᠤ ᠬᠦᠷᠢᠶᠡᠯᠡᠩ᠂ ᠨᠠᠷᠠᠨ | ᠬᠡᠷᠡᠯᠳᠤ ᠨᠠᠰᠤᠳᠠᠶᠢᠴᠤᠳ ᠢ ᠠᠰᠠᠷᠠᠬᠤ ᠲᠦᠪ ᠢ ᠪᠠᠶᠢᠭᠤᠯᠵᠤ᠂ ︽ᠵᠤᠯ ᠵᠢᠷᠭᠠᠯᠳᠤ 9 ᠨᠤᠮᠧᠷᠳᠤ︾ | ᠨᠠᠰᠤᠳᠠᠶᠢᠴᠤᠳ ᠤᠨ ᠵᠢᠷᠭᠠᠯᠠᠩᠳᠤ ᠬᠦᠷᠢᠶᠡᠯᠡᠩ ᠤᠨ ᠪᠤᠳᠠᠳᠤ ᠴᠤᠭᠴᠠ ᠶᠢᠨ ᠪᠠᠶᠠᠴᠢᠯᠠᠨ ᠤᠷᠤᠯᠴᠠᠬᠤ ᠳᠡᠯᠭᠡᠭᠦᠷ | ᠪᠤᠯᠤᠨ ᠰᠦᠯᠵᠢᠶᠡᠨ ᠳᠡᠭᠡᠷᠡᠬᠢ ᠨᠠᠰᠤᠳᠠᠶᠢᠴᠤᠳ ᠤᠨ ᠬᠡᠷᠡᠭᠯᠡᠭᠡᠨ ᠤ ᠪᠤᠳᠠᠰ ᠢ ᠤᠷᠤᠯᠠᠨ ᠬᠤᠳᠠᠯᠳᠤᠨ ᠠᠪᠬᠤ ᠶᠢ | ᠤᠶᠠᠯᠳᠤᠭᠤᠯᠤᠭᠰᠠᠨ O2O ᠡᠵᠡᠩᠨᠡᠯᠳᠡ ᠶᠢᠨ ᠵᠠᠭᠪᠤᠷ ᠢ ᠳᠤᠷᠰᠢᠨ ᠬᠡᠷᠡᠭᠵᠢᠭᠦᠯᠬᠦ ᠶᠢᠨ ᠬᠠᠮᠳᠤ᠂ ᠠᠭᠠᠵᠢᠮ ᠢᠶᠠᠷ | ᠨᠡᠶᠢᠭᠡᠮ ᠳᠤᠭᠤᠷᠢᠭ ᠲᠤ ᠬᠦᠷᠳᠡᠯ᠎ᠠ ᠬᠦᠨᠵᠡᠭᠡᠶᠢᠷᠡᠭᠦᠯᠵᠤ᠂ ᠴᠢᠨᠠᠷ ᠰᠠᠶᠢᠳᠠᠢ ᠨᠡᠶᠢᠭᠡᠮ ᠤᠨ ᠵᠤᠬᠢᠶᠠᠨ | ᠪᠠᠶᠢᠭᠤᠯᠤᠯᠳᠠ ᠶᠢᠨ ᠦᠢᠯᠡᠴᠢᠯᠡᠭᠡ ᠶᠢ ᠬᠠᠩᠭᠠᠵᠤ᠂ ︽ᠢᠨᠲ᠋ᠧᠷ ᠰᠦᠯᠵᠢᠶ᠎ᠠ +︾ ᠬᠡᠯᠪᠡᠷᠢ ᠶᠢᠨ ᠤᠶᠤᠨᠴᠢ | ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡᠨ ᠤ ᠵᠠᠭᠪᠤᠷ ᠢ ᠠᠩᠬ᠎ᠠ ᠠᠯᠬᠤᠮ ᠪᠦᠷᠢᠯᠳᠦᠭᠦᠯᠵᠤ ᠪᠠᠶᠢᠯ᠎ᠠ᠃ | ᠬᠦᠳᠦᠯᠦᠭᠴᠢ᠄ ︽ᠡᠮ ᠡᠮᠨᠡᠯᠭᠡ ᠪᠤᠯᠤᠨ ᠨᠠᠰᠤᠳᠠᠶᠢᠴᠤᠳ ᠤᠨ ᠠᠰᠠᠷᠠᠮᠵᠢ ᠶᠢ ᠤᠶᠠᠯᠳᠤᠭᠤᠯᠤᠭᠰᠠᠨ︾ | ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡᠨ ᠤ ᠰᠢᠨ᠎ᠠ ᠵᠠᠭᠪᠤᠷ ᠶᠢᠨ ᠳᠤᠬᠠᠢ ᠴᠢᠩᠱᠠᠨ ᠳᠤᠭᠤᠷᠢᠭ ᠬᠡᠷᠬᠢᠨ | ᠦᠢᠯᠡᠳᠦᠯᠭᠡᠵᠢᠭᠦᠯᠵᠤ ᠪᠠᠶᠢᠬᠤ ᠪᠤᠢ︖ | ᠬᠤ᠋ ᠷᠦᠩ᠄ ᠪᠢᠳᠡ 2015 ᠤᠨ ᠠᠴᠠ ᠡᠬᠢᠯᠡᠨ ᠡᠮ ᠡᠮᠨᠡᠯᠭᠡ ᠪᠤᠯᠤᠨ ᠨᠠᠰᠤᠳᠠᠶᠢᠴᠤᠳ ᠤᠨ | ᠠᠰᠠᠷᠠᠮᠵᠢ ᠶᠢ ᠤᠶᠠᠯᠳᠤᠭᠤᠯᠤᠭᠰᠠᠨ ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡᠨ ᠤ ᠵᠠᠭᠪᠤᠷ ᠢ | ᠰᠦᠪᠡᠭᠴᠢᠯᠡᠵᠤ᠂ ᠦᠪᠡᠷᠳᠡᠭᠡᠨ ᠵᠠᠰᠠᠬᠤ ᠤᠷᠤᠨ ᠤ ᠬᠠᠮᠤᠭ ᠠᠩᠬᠠᠨ ᠤ ᠡᠮ ᠡᠮᠨᠡᠯᠭᠡ ᠪᠤᠯᠤᠨ ᠨᠠᠰᠤᠳᠠᠶᠢᠴᠤᠳ ᠤᠨ | ᠠᠰᠠᠷᠠᠮᠵᠢ ᠶᠢ ᠤᠶᠠᠯᠳᠤᠭᠤᠯᠤᠭᠰᠠᠨ ᠨᠠᠰᠤᠳᠠᠶᠢᠴᠤᠳ ᠤᠨ ᠶᠡᠷᠦᠩᠬᠡᠶᠢᠯᠡᠨ ᠠᠰᠠᠷᠠᠨ ᠰᠤᠪᠢᠯᠠᠬᠤ ᠬᠦᠷᠢᠶᠡᠯᠡᠩ ᠪᠤᠯᠬᠤ | ᠴᠢᠩᠱᠠᠨ ᠳᠤᠭᠤᠷᠢᠭ ᠤᠨ ᠨᠠᠰᠤᠳᠠᠶᠢᠴᠤᠳ ᠤᠨ ᠶᠡᠷᠦᠩᠬᠡᠶᠢᠯᠡᠨ ᠠᠰᠠᠷᠠᠨ ᠰᠤᠪᠢᠯᠠᠬᠤ ᠬᠦᠷᠢᠶᠡᠯᠡᠩ ᠢ ᠪᠠᠶᠢᠭᠤᠯᠪᠠ᠃ | ᠠᠰᠠᠷᠠᠨ ᠰᠤᠪᠢᠯᠠᠬᠤ ᠬᠦᠷᠢᠶᠡᠯᠡᠩ ᠢ 202 ᠡᠮᠨᠡᠯᠭᠡ ᠶᠢᠨ ᠬᠤᠷᠢᠶᠠᠨ ᠳᠤ ᠪᠠᠶᠢᠭᠤᠯᠵᠤ᠂ ᠡᠮᠨᠡᠯᠭᠡ ᠶᠢᠨ ᠬᠤᠷᠢᠶ᠎ᠠ ᠲᠠᠢ | ᠰᠢᠭᠤᠳ ᠨᠡᠪᠳᠡᠷᠡᠭᠦ ᠵᠠᠮ ᠲᠠᠢ᠃ ᠨᠠᠰᠤᠳᠠᠶᠢᠴᠤᠳ ᠤᠨ ᠠᠰᠠᠷᠠᠮᠵᠢ ᠶᠢᠨ ᠪᠠᠶᠢᠭᠤᠯᠤᠮᠵᠢ ᠬᠢᠭᠡᠳ ᠤᠢᠢᠷ᠎ᠠ ᠬᠠᠪᠢ ᠶᠢᠨ | ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠬᠤᠭᠤᠷᠤᠨᠳᠤ ᠪᠠᠨ ᠬᠠᠮᠳᠤᠷᠠᠯᠴᠠᠭ᠎ᠠ ᠪᠠᠶᠢᠭᠤᠯᠬᠤ ᠶᠢ | ᠵᠤᠷᠢᠬᠵᠢᠭᠤᠯᠵᠤ᠂ ᠨᠠᠰᠤᠳᠠᠶᠢᠴᠤᠳ ᠲᠤ ᠨᠢᠭᠡ ᠴᠤᠭᠴᠠᠴᠢᠯᠠᠭᠰᠠᠨ ᠡᠷᠡᠭᠦᠯ ᠮᠡᠨᠳᠤ ᠪᠤᠯᠤᠨ ᠨᠠᠰᠤᠳᠠᠶᠢᠴᠤᠳ ᠤᠨ | ᠦᠢᠯᠡᠴᠢᠯᠡᠭᠡ ᠬᠠᠩᠭᠠᠪᠠ᠃ ᠬᠤᠶᠠᠷ ᠲᠤ ᠡᠮ ᠡᠮᠨᠡᠯᠭᠡ ᠪᠤᠯᠤᠨ ᠨᠠᠰᠤᠳᠠᠶᠢᠴᠤᠳ ᠤᠨ ᠠᠰᠠᠷᠠᠮᠵᠢ ᠶᠢᠨ | ᠦᠢᠯᠡᠴᠢᠯᠡᠭᠡ ᠶᠢ ᠤᠶᠠᠯᠳᠤᠭᠤᠯᠬᠤ ᠶᠢ ᠨᠡᠶᠢᠭᠡᠮ ᠳᠤᠭᠤᠷᠢᠭ᠂ ᠬᠡᠷ ᠪᠦᠯᠢ ᠳᠤ ᠤᠷᠤᠭᠤᠯᠪᠠ᠃ ᠨᠡᠶᠢᠭᠡᠮ | ᠳᠤᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠦᠪ ᠪᠤᠯᠤᠨ ᠨᠡᠶᠢᠭᠡᠮ ᠳᠤᠭᠤᠷᠢᠭ ᠤᠨ ᠡᠷᠡᠭᠦᠯ | ᠬᠠᠮᠠᠭᠠᠯᠠᠯ ᠦᠢᠯᠡᠴᠢᠯᠡᠭᠡᠨ ᠤ ᠳᠤᠤᠷ ᠰᠦᠯᠵᠢᠶ᠎ᠠ ᠳᠤ ᠲᠦᠰᠢᠭᠯᠡᠨ᠂ ᠤᠯᠠᠨ ᠳᠡᠰ ᠳᠠᠪᠬᠤᠷᠭ᠎ᠠ ᠶᠢᠨ᠂ ᠪᠦᠬᠦ | ᠳᠠᠯ᠎ᠠ ᠶᠢᠨ ᠬᠡᠷ ᠪᠦᠯᠢ ᠶᠢᠨ ᠡᠷᠡᠭᠦᠯᠵᠢᠯ ᠤᠨ ᠦᠢᠯᠡᠴᠢᠯᠡᠭᠡᠨ ᠤ ᠰᠢᠰᠲ᠋ᠧᠮ ᠢ ᠪᠠᠶᠢᠭᠤᠯᠵᠤ᠂ ᠬᠡᠷ ᠪᠦᠯᠢ ᠶᠢᠨ | ᠡᠮᠴᠢ ᠶᠢᠨ ᠵᠦᠪᠳᠡᠯᠴᠡᠭᠡᠷ ᠤᠨ ᠪᠢᠴᠢᠭ ᠲᠤ ᠭᠠᠷ ᠤᠨ ᠦᠰᠦᠭ ᠵᠢᠷᠤᠭᠰᠠᠨ ᠨᠤᠷᠮ᠎ᠠ 29.8% ᠲᠤ ᠬᠦᠷᠴᠠᠢ᠃ | ᠭᠤᠷᠪᠠ ᠳᠤ ᠤᠶᠤᠨᠴᠢ ᠨᠠᠰᠤᠳᠠᠶᠢᠴᠤᠳ ᠤᠨ ᠠᠰᠠᠷᠠᠮᠵᠢ + ᠤᠶᠤᠨᠴᠢ ᠡᠮ ᠡᠮᠨᠡᠯᠭᠡ ᠶᠢ ᠤᠶᠠᠯᠳᠤᠭᠤᠯᠬᠤ ᠶᠢ | ᠠᠬᠢᠭᠤᠯᠪᠠ᠃ ︽ᠢᠨᠲ᠋ᠧᠷ ᠰᠦᠯᠵᠢᠶ᠎ᠠ +︾ ᠮᠡᠷᠭᠡᠵᠢᠯ ᠳᠤ ᠲᠦᠰᠢᠭᠯᠡᠨ᠂ ᠳᠤᠯᠠᠭᠠᠨ᠂ ᠸᠠᠨ ᠵᠢᠶᠦ᠋ᠨ ᠵᠡᠷᠭᠡ | ᠳᠤᠷᠰᠢᠯᠳᠠ ᠶᠢᠨ ᠴᠢᠬ ᠤᠨ ᠨᠡᠶᠢᠭᠡᠮ ᠳᠤᠭᠤᠷᠢᠭ ᠲᠤ ᠤᠶᠤᠨᠴᠢ ᠨᠠᠰᠤᠳᠠᠶᠢᠴᠤᠳ ᠤᠨ ᠠᠰᠠᠷᠠᠮᠵᠢ ᠶᠢᠨ | ᠦᠢᠯᠡᠴᠢᠯᠡᠭᠡᠨ ᠤ ᠳᠠᠪᠴᠠᠩ ᠳᠤ ᠲᠦᠰᠢᠭᠯᠡᠨ ᠬᠠᠩᠭᠠᠭᠰᠠᠨ ᠨᠡᠶᠢᠭᠡᠮ ᠳᠤᠭᠤᠷᠢᠭ ᠤᠨ ᠨᠠᠰᠤᠳᠠᠶᠢᠴᠤᠳ ᠲᠤ | ᠳᠤᠰᠠᠯᠠᠬᠤ ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡᠨ ᠤ ᠲᠦᠷᠦᠯ ᠵᠦᠢᠯ ᠢ ᠬᠦᠴᠦᠯᠠᠨ ᠴᠤᠭᠴᠠᠯᠠᠵᠤ᠂ | ᠨᠠᠰᠤᠳᠠᠶᠢᠴᠤᠳ ᠲᠤ ᠦᠨ᠎ᠠ ᠲᠦᠯᠦᠪᠦᠷᠢ ᠦᠭᠡᠢ ᠪᠠᠷ ᠪᠡᠶ᠎ᠠ ᠶᠢᠨ ᠡᠷᠡᠭᠦᠯ ᠮᠡᠨᠳᠤ ᠶᠢᠨ ᠪᠠᠶᠢᠴᠠᠭᠠᠯᠳᠠ ᠬᠢᠭᠦ᠂ | ᠠᠮᠢᠳᠤᠷᠠᠯ ᠤᠨ ᠠᠷᠭ᠎ᠠ ᠮᠠᠶ᠋ᠢᠭ ᠢ ᠨᠢ ᠵᠢᠯᠤᠭᠤᠳᠬᠤ ᠵᠢᠴᠢ ᠡᠳᠦᠷ ᠳᠤᠳᠤᠮ ᠤᠨ ᠡᠷᠡᠭᠦᠯᠵᠢᠯ ᠤᠨ ᠠᠵᠢᠯᠯᠠᠭ᠎ᠠ᠂ | ᠡᠷᠡᠭᠦᠯᠵᠢᠭᠦ ᠡᠮ ᠡᠮᠨᠡᠯᠭᠡ ᠶᠢᠨ ᠠᠰᠠᠭᠤᠨ ᠯᠠᠪᠯᠠᠭ᠎ᠠ ᠶᠢᠨ ᠵᠢᠯᠤᠭᠤᠳᠤᠯᠭ᠎ᠠ ᠬᠢᠵᠦ ᠦᠭᠴᠦ ᠪᠤᠢ᠃ ᠡᠯ᠎ᠠ ᠨᠡᠶᠢᠭᠡᠮ | ᠳᠤᠭᠤᠷᠢᠭ ᠤᠨ ᠡᠳᠦᠷ ᠳᠤᠳᠤᠮ ᠤᠨ ᠬᠠᠷᠠᠭᠠᠯᠵᠠᠯ ᠤᠨ ᠲᠦᠪ ᠠᠴᠠ ᠦᠨᠳᠤᠰᠤᠨ ᠡᠮ ᠡᠮᠨᠡᠯᠭᠡ ᠵᠡᠷᠭᠡ ᠦᠢᠯᠡᠴᠢᠯᠡᠭᠡ | ᠬᠠᠩᠭᠠᠵᠤ᠂ ᠨᠡᠶᠢᠭᠡᠮ ᠳᠤᠭᠤᠷᠢᠭ ᠤᠨ ᠨᠠᠰᠤᠨ ᠰᠡᠭᠦᠳᠡᠷ ᠦᠨᠳᠦᠷ᠂ ᠬᠦᠨᠳᠤ ᠡᠪᠡᠳᠴᠢᠨ ᠲᠠᠢ᠂ ᠬᠦᠳᠡᠯᠮᠦᠷᠢᠯᠡᠭᠦ | ᠴᠢᠳᠠᠪᠤᠷᠢ ᠪᠠᠨ ᠠᠯᠳᠠᠭᠰᠠᠨ᠂ ᠬᠦᠳᠡᠯᠮᠦᠷᠢᠯᠡᠭᠦ ᠬᠡᠰᠡᠭ ᠴᠢᠳᠠᠪᠤᠷᠢ ᠪᠠᠨ ᠠᠯᠳᠠᠭᠰᠠᠨ ᠵᠢᠴᠢ ᠳᠤᠤᠷ᠎ᠠ ᠤᠷᠤᠯᠭ᠎ᠠ ᠲᠠᠢ | ᠨᠠᠰᠤᠳᠠᠨ ᠳᠤ ᠳᠤᠭᠳᠠᠭᠰᠠᠨ ᠬᠤᠭᠤᠴᠠᠭᠠᠨ ᠳᠤ ᠪᠡᠶ᠎ᠠ ᠶᠢᠨ ᠡᠷᠡᠭᠦᠯ ᠮᠡᠨᠳᠤ ᠶᠢᠨ ᠪᠠᠶᠢᠴᠠᠭᠠᠯᠳᠠ ᠬᠢᠭᠦ᠂ ᠬᠡᠷ ᠲᠤᠨᠢ | ᠬᠦᠷᠴᠦ ᠡᠮᠨᠡᠨ ᠵᠠᠰᠠᠬᠤ᠂ ᠬᠡᠷ ᠪᠦᠯᠢ ᠶᠢᠨ ᠡᠪᠡᠳᠴᠢᠳᠡᠨ ᠤ ᠤᠷᠤ᠂ ᠨᠡᠶᠢᠭᠡᠮ ᠳᠤᠭᠤᠷᠢᠭ ᠤᠨ ᠰᠤᠪᠢᠯᠠᠯᠳᠠ᠂ | ᠡᠷᠡᠭᠦᠯᠵᠢᠯ ᠤᠨ ᠬᠠᠮᠢᠶᠠᠷᠤᠯᠳᠠ ᠵᠡᠷᠭᠡ ᠦᠨᠳᠦᠰᠦᠨ ᠦᠢᠯᠡᠴᠢᠯᠡᠭᠡ ᠶᠢ ᠬᠠᠩᠭᠠᠵᠤ ᠪᠠᠶᠢᠯ᠎ᠠ᠃ ᠡᠭᠦᠨ ᠤ ᠬᠠᠮᠳᠤ᠂ | ᠨᠡᠶᠢᠭᠡᠮ ᠳᠤᠭᠤᠷᠢᠭ ᠤᠨ ᠤᠨᠴᠠᠭᠠᠢ ᠨᠠᠰᠤᠳᠠᠶᠢᠴᠤᠳ ᠲᠤ ᠡᠷᠡᠭᠦᠯᠵᠢᠯ ᠤᠨ ᠪᠠᠭᠤᠤ᠂ ᠡᠯᠧᠺᠳ᠋ᠷᠤᠨ ᠰᠤᠪᠢᠯᠠᠭᠴᠢ | ᠵᠡᠷᠭᠡ ᠶᠢ ᠳᠠᠷᠬᠠᠭᠠᠵᠤ᠂ ᠨᠠᠰᠤᠳᠠᠶᠢᠴᠤᠳ ᠤᠨ ᠡᠷᠡᠭᠦᠯᠵᠢᠯ ᠤᠨ ᠡᠭᠦᠯᠡᠨ ᠦᠢᠯᠡᠴᠢᠯᠡᠭᠡ ᠪᠤᠯᠤᠨ ᠴᠠᠭ ᠳᠤᠬᠠᠢ ᠳᠤᠨᠢ | ᠮᠦᠷᠳᠡᠨ ᠦᠢᠯᠡᠴᠢᠯᠡᠭᠦ ᠬᠦᠳᠡᠯᠦᠩᠭᠦᠢ ᠬᠠᠮᠢᠶᠠᠷᠤᠯᠳᠠ ᠶᠢ ᠪᠡᠶᠡᠯᠡᠭᠦᠯᠵᠤ᠂ ᠨᠡᠶᠢᠭᠡᠮ ᠳᠤᠭᠤᠷᠢᠭ ᠤᠨ | ᠨᠠᠰᠤᠳᠠᠶᠢᠴᠤᠳ ᠲᠤ ᠴᠠᠭ ᠳᠤᠬᠠᠢ ᠳᠤᠨᠢ᠂ ᠲᠦᠭᠦᠮ ᠳᠦᠳᠡ ᠪᠠᠷ ᠨᠠᠰᠤᠳᠠᠶᠢᠴᠤᠳ ᠤᠨ ᠠᠰᠠᠷᠠᠮᠵᠢ᠂ ᠡᠷᠡᠭᠦᠯᠵᠢᠯ᠂ | ᠡᠮ ᠡᠮᠨᠡᠯᠭᠡ ᠵᠡᠷᠭᠡ ᠡᠯ᠎ᠠ ᠵᠦᠢᠯ ᠤᠨ ᠦᠢᠯᠡᠴᠢᠯᠡᠭᠡ ᠤᠯᠭᠤᠨ᠎ᠠ᠃ | ᠬᠦᠳᠦᠯᠦᠭᠴᠢ᠄ ᠴᠢᠩᠱᠠᠨ ᠳᠤᠭᠤᠷᠢᠭ ᠦᠪᠡᠷᠳᠡᠭᠡᠨ ᠵᠠᠰᠠᠬᠤ ᠤᠷᠤᠨ ᠤ ᠠᠩᠬᠠᠳᠠᠭᠴᠢ ︽ᠢᠨᠲ᠋ᠧᠷ | ᠰᠦᠯᠵᠢᠶ᠎ᠠ + ᠨᠠᠰᠤᠳᠠᠶᠢᠴᠤᠳ ᠤᠨ ᠠᠰᠠᠷᠠᠮᠵᠢ︾ ᠶᠢᠨ ᠵᠠᠭᠪᠤᠷ ᠤᠨ ᠨᠠᠰᠤᠳᠠᠶᠢᠴᠤᠳ ᠤᠨ ᠠᠰᠠᠷᠠᠮᠵᠢ ᠶᠢᠨ | ᠦᠢᠯᠡᠴᠢᠯᠡᠭᠡ ᠶᠢ ᠬᠡᠷ ᠲᠤᠨᠢ ᠬᠦᠷᠭᠡᠭᠦ ᠵᠢᠷᠭᠠᠯᠠᠩᠳᠤ ᠬᠦᠷᠢᠶᠡᠯᠡᠩ — ︽ᠵᠤᠯ ᠵᠢᠷᠭᠠᠯᠳᠤ 9 ᠨᠤᠮᠧᠷᠳᠤ︾ | ᠨᠠᠰᠤᠳᠠᠶᠢᠴᠤᠳ ᠤᠨ ᠠᠰᠠᠷᠠᠮᠵᠢ ᠶᠢᠨ ᠦᠢᠯᠡᠴᠢᠯᠡᠭᠡ ᠶᠢ ᠬᠡᠷ ᠲᠤᠨᠢ ᠬᠦᠷᠭᠡᠭᠦ ᠵᠢᠷᠭᠠᠯᠠᠩᠳᠤ ᠬᠦᠷᠢᠶᠡᠯᠡᠩ ᠤᠨ ᠲᠦᠷᠦᠯ | ᠵᠦᠢᠯ ᠢ ᠳᠠᠳᠠᠨ ᠤᠷᠤᠭᠤᠯᠪᠠ᠂ ᠤᠳᠤᠬᠠᠨ ᠳᠤ ᠡᠷᠬᠢᠯᠳᠠ ᠨᠢ ᠶᠠᠮᠠᠷ ᠪᠠᠶᠢᠭ᠎ᠠ ᠪᠤᠢ︖ | ᠬᠤ᠋ ᠷᠦᠩ᠄ 2015 ᠤᠨ ᠤ 10 ᠰᠠᠷ᠎ᠠ ᠳᠤ᠂ ︽ᠵᠤᠯ ᠵᠢᠷᠭᠠᠯᠳᠤ 9 ᠨᠤᠮᠧᠷᠳᠤ︾ ᠨᠠᠰᠤᠳᠠᠶᠢᠴᠤᠳ ᠤᠨ | ᠠᠰᠠᠷᠠᠮᠵᠢ ᠶᠢᠨ ᠦᠢᠯᠡᠴᠢᠯᠡᠭᠡᠨ ᠤ ᠵᠠᠭᠪᠤᠷ ᠶᠢ ᠳᠠᠳᠠᠨ ᠤᠷᠤᠭᠤᠯᠵᠤ᠂ ᠭᠤᠤᠯᠳᠠᠭᠤ ᠳᠡᠭᠦᠨ ᠤ ᠪᠤᠳᠠᠳᠤ | ᠴᠤᠭᠴᠠ ᠶᠢᠨ ᠪᠡᠶᠡᠴᠢᠯᠡᠨ ᠤᠷᠤᠯᠴᠠᠬᠤ ᠳᠡᠯᠭᠡᠭᠦᠷ ᠢ ᠨᠢ ᠬᠦᠨᠳᠦᠳᠭᠡᠨ ᠦᠵᠡᠵᠤ᠂ ᠳᠡᠳᠡᠭᠡᠷ ᠦᠢᠯᠡᠴᠢᠯᠡᠭᠡᠨ ᠤ | ᠲᠦᠷᠦᠯ ᠵᠦᠢᠯ ᠨᠢ ᠨᠠᠰᠤᠳᠠᠶᠢᠴᠤᠳ ᠲᠤ ᠳᠡᠭᠡᠳᠤ ᠳᠡᠰ ᠤᠨ ᠦᠢᠯᠡᠴᠢᠯᠡᠭᠡ ᠬᠠᠩᠭᠠᠵᠤ ᠪᠠᠶᠢᠨ᠎ᠠ᠃ ︽ᠵᠤᠯ | ᠵᠢᠷᠭᠠᠯᠳᠤ 9 ᠨᠤᠮᠧᠷᠳᠤ︾ ᠶᠢ ᠨᠠᠶᠢᠳᠠᠪᠤᠷᠢᠵᠢᠭᠤᠯᠤᠭᠠᠳ ᠬᠤᠶᠠᠷ ᠵᠢᠯ ᠰᠢᠬᠠᠮ ᠪᠤᠯᠵᠤ ᠪᠠᠶᠢᠨ᠎ᠠ᠂ ᠡᠮ ᠡᠮᠨᠡᠯᠭᠡ | ᠡᠷᠡᠭᠦᠯᠵᠢᠯ᠂ ᠡᠷᠡᠭᠦᠯᠵᠢᠭᠦ ᠪᠤᠯᠪᠠᠰᠤᠷᠠᠯ᠂ ᠰᠤᠯᠠ ᠰᠡᠯᠡᠭᠦᠴᠡᠯ ᠵᠤᠭ᠎ᠠ ᠴᠡᠩᠭᠡᠯ᠂ ᠳᠤᠷ᠎ᠠ ᠰᠤᠨᠢᠷᠬᠠᠯ ᠳᠤᠷ᠎ᠠ ᠪᠠᠬ᠎ᠠ᠂ | ᠠᠮᠢᠳᠤᠷᠠᠯ ᠤᠨ ᠦᠢᠯᠡᠴᠢᠯᠡᠭᠡ ᠪᠤᠯᠤᠨ ᠬᠠᠮ ᠳᠡᠯᠭᠡᠭᠦᠷ ᠠᠴᠠ ᠬᠤᠳᠠᠯᠳᠤᠭ᠎ᠠ ᠬᠢᠭᠦ ᠵᠡᠷᠭᠡ 6 ᠴᠢᠳᠠᠪᠬᠢᠳᠤ | ᠤᠷᠤᠨ ᠲᠠᠢ᠂ ᠨᠠᠰᠤᠳᠠᠶᠢᠴᠤᠳ ᠲᠤ ᠢᠯᠢᠭᠦ᠂ ᠰᠤᠯᠠ ᠰᠡᠯᠡᠭᠦᠴᠡᠯ᠂ ᠤᠷᠠᠨ ᠵᠢᠷᠤᠭ᠂ ᠭᠤᠸ᠎ᠠ ᠵᠠᠰᠠᠯ᠂ | ᠬᠤᠳᠠᠯᠳᠤᠭ᠎ᠠ ᠬᠢᠭᠦ ᠵᠡᠷᠭᠡ 18 ᠵᠦᠢᠯ ᠤᠨ ᠦᠢᠯᠡᠴᠢᠯᠡᠭᠡᠨ ᠤ ᠠᠭᠤᠯᠭ᠎ᠠ ᠶᠢ ᠬᠠᠩᠭᠠᠵᠤ᠂ ᠤᠳᠤᠬᠠᠨ ᠳᠤ ᠤᠯᠠᠨ | ᠬᠡᠰᠢᠭᠦᠨ ᠲᠠᠢ ᠪᠤᠯᠤᠭᠰᠠᠨ ᠪᠦᠭᠡᠳ 5 ᠨᠡᠶᠢᠭᠡᠮ ᠳᠤᠭᠤᠷᠢᠭ ᠤᠨ ᠦᠢᠯᠡᠴᠢᠯᠡᠭᠡᠨ ᠤ ᠳᠡᠯᠭᠡᠭᠦᠷ ᠪᠠᠶᠢᠭᠤᠯᠵᠤ᠂ | ᠴᠢᠩᠱᠠᠨ ᠳᠤᠭᠤᠷᠢᠭ ᠤᠨ ᠡᠮᠤᠨ᠎ᠠ ᠤᠮᠠᠷ᠎ᠠ ᠵᠡᠭᠦᠨ ᠪᠠᠷᠠᠭᠤᠨ ᠳᠤᠮᠳᠠ ᠳᠤ ᠳᠡᠭᠰᠢᠬᠡᠨ ᠳᠠᠷᠬᠠᠭᠰᠠᠨ ᠪᠠᠶᠢᠳᠠᠯ ᠲᠠᠢ | ᠪᠠᠶᠢᠵᠤ᠂ ᠨᠡᠩ ᠤᠯᠠᠨ ᠨᠠᠰᠤᠳᠠᠶᠢᠴᠤᠳ ᠢ ᠬᠡᠷ ᠤᠨ ᠡᠭᠦᠳᠡᠨ ᠳᠡᠭᠡᠨ ᠬᠠᠯᠠᠭᠤᠨ ᠳᠤᠳᠤᠨᠤ ᠦᠢᠯᠡᠴᠢᠯᠡᠭᠡ ᠡᠳ᠋ᠯᠡᠭᠦ | ᠪᠤᠯᠭᠠᠵᠠᠢ᠃ | ᠡᠨᠡᠭᠦ ᠲᠦᠷᠦᠯ ᠵᠦᠢᠯ ᠨᠢ ᠠᠷᠠᠳ ᠠᠴᠠ ᠡᠷᠬᠢᠯᠡᠭᠰᠡᠨ ᠡᠳ᠋ ᠬᠦᠷᠦᠩᠭᠡ ᠶᠢ ᠨᠠᠰᠤᠳᠠᠶᠢᠴᠤᠳ ᠤᠨ | ᠠᠰᠠᠷᠠᠮᠵᠢ ᠶᠢᠨ ᠬᠦᠷᠢᠶᠡᠯᠡᠩ ᠤᠨ ᠦᠢᠯᠡᠴᠢᠯᠡᠭᠡ ᠳᠤ ᠤᠷᠤᠯᠴᠠᠭᠰᠠᠨ ᠨᠦᠯᠦᠭᠡᠯᠡᠬᠦ ᠬᠦᠴᠦᠨ ᠢ ᠢᠯᠡᠷᠡᠭᠦᠯᠦᠭᠰᠡᠨ ᠨᠢ | ᠳᠡᠭᠦᠨ ᠤ ᠤᠳᠤ ᠦᠶ᠎ᠠ ᠶᠢᠨ ᠦᠢᠯᠡᠴᠢᠯᠡᠭᠡᠨ ᠤ ᠤᠢᠢᠯᠠᠭᠠᠭᠳᠠᠬᠤᠨ ᠤ ᠵᠢᠷᠤᠭ ᠲᠦᠯᠦᠪᠯᠡᠭᠡ ᠵᠢᠴᠢ ᠵᠦᠢ ᠵᠤᠬᠢᠰᠳᠠᠢ᠂ | ᠳᠤᠤᠷ᠎ᠠ ᠦᠨᠡᠳᠤ ᠦᠢᠯᠡᠴᠢᠯᠡᠭᠡᠨ ᠤ ᠦᠨ᠎ᠠ ᠬᠠᠩᠰᠢ ᠶᠢᠨ ᠦᠢᠷᠢᠰᠦᠯᠳᠦᠭᠡᠨ ᠠᠴᠠ ᠪᠤᠯᠤᠭᠰᠠᠨ ᠶᠤᠮ᠃ ᠪᠢᠳᠡ | ᠪᠠᠰᠠ ᠨᠡᠶᠢᠭᠡᠮ ᠤᠨ ᠪᠡᠯᠡ ᠮᠦᠩᠭᠦ ᠳᠤ ᠲᠦᠰᠢᠭᠯᠡᠨ ᠨᠠᠰᠤᠳᠠᠶᠢᠴᠤᠳ ᠤᠨ ᠦᠢᠯᠡᠴᠢᠯᠡᠭᠡᠨ ᠤ ᠵᠤᠬᠢᠶᠠᠨ | ᠪᠠᠶᠢᠭᠤᠯᠤᠯᠳᠠ ᠪᠤᠯᠤᠨ ᠠᠵᠤ ᠠᠬᠤᠢᠢᠯᠠᠯ ᠢ ᠳᠠᠳᠠᠨ ᠤᠷᠤᠭᠤᠯᠵᠤ ᠵᠢᠱᠢᠶ᠎ᠠ ᠦᠵᠡᠭᠦᠯᠬᠦ ᠬᠦᠳᠦᠯᠦᠨ ᠳᠠᠭᠠᠭᠤᠯᠬᠤ | ᠦᠢᠯᠡᠳᠦᠯ ᠢᠶᠠᠨ ᠨᠡᠩ ᠰᠠᠶᠢᠨ ᠪᠠᠳᠠᠷᠠᠭᠤᠯᠬᠤ ᠶᠢ ᠬᠦᠰᠡᠵᠤ᠂ ᠨᠠᠰᠤᠳᠠᠶᠢᠴᠤᠳ ᠤᠨ ᠠᠰᠠᠷᠠᠮᠵᠢ ᠶᠢᠨ ᠵᠠᠬ᠎ᠠ | ᠳᠡᠯᠭᠡᠭᠦᠷ ᠤᠨ ᠪᠦᠬᠦ᠋ᠢᠯᠡ ᠴᠤᠭᠴᠠ ᠶᠢ ᠳᠡᠭᠡᠭᠰᠢᠯᠡᠭᠦᠯᠬᠦ ᠶᠢ ᠳᠠᠶᠢᠴᠢᠯᠠᠵᠤ᠂ ᠡᠯ᠎ᠠ ᠵᠦᠢᠯ ᠤᠨ ᠤᠯᠠᠨ ᠳᠡᠰ | ᠳᠠᠪᠬᠤᠷᠭ᠎ᠠ ᠶᠢᠨ᠂ ᠠᠳᠠᠯᠢ ᠪᠤᠰᠤ ᠳᠤᠷ᠎ᠠ ᠰᠤᠨᠢᠷᠬᠠᠯ ᠲᠠᠢ ᠨᠠᠰᠤᠳᠠᠶᠢᠴᠤᠳ ᠲᠤ ᠤᠯᠠᠨ ᠳᠠᠯ᠎ᠠ ᠶᠢᠨ ᠠᠰᠠᠷᠠᠮᠵᠢ ᠶᠢᠨ | ᠦᠢᠯᠡᠴᠢᠯᠡᠭᠡᠨ ᠤ ᠰᠤᠩᠭᠤᠯᠳᠠ ᠪᠠ ᠨᠡᠩ ᠰᠢᠯᠢᠳᠡᠭ ᠦᠢᠯᠡᠴᠢᠯᠡᠭᠡ ᠬᠠᠩᠭᠠᠬᠤ ᠶᠢᠨ ᠲᠦᠯᠦᠭᠡ ᠶᠤᠮ᠃ | ᠵᠤᠯ ᠵᠢᠷᠭᠠᠯᠳᠤ ᠨᠠᠰᠤᠳᠠᠶᠢᠴᠤᠳ ᠤᠨ ᠠᠰᠠᠷᠠᠮᠵᠢ ᠶᠢᠨ ᠬᠦᠷᠢᠶᠡᠯᠡᠩ | ᠴᠢᠩᠱᠠᠨ ᠳᠤᠭᠤᠷᠢᠭ ᠤᠨ ᠨᠠᠰᠤᠳᠠᠶᠢᠴᠤᠳ ᠤᠨ ᠶᠡᠷᠦᠩᠬᠡᠶᠢᠯᠡᠨ ᠠᠰᠠᠷᠠᠨ ᠰᠤᠪᠢᠯᠠᠬᠤ ᠬᠦᠷᠢᠶᠡᠯᠡᠩ ᠳᠤ ᠭᠤᠤ | ᠴᠢ ᠨᠠᠰᠤᠳᠠᠨ ᠲᠠᠢ ᠠᠭᠤᠯᠵᠠᠬᠤ ᠦᠶ᠎ᠠ ᠳᠤ᠂ ᠳᠡᠭᠦᠨ ᠤ ᠨᠠᠰᠤᠨ ᠰᠡᠭᠦᠳᠡᠷ 90 ᠬᠦᠷᠦᠭᠰᠡᠨ ᠢ ᠤᠭᠳᠤᠬᠠᠨ ᠴᠦ | ᠦᠵᠡᠵᠤ ᠭᠠᠷᠤᠭᠰᠠᠨ ᠦᠭᠡᠢ᠃ | ᠭᠤᠤ ᠡᠮᠡᠭᠡ ᠵᠠᠯᠠᠭᠤ ᠨᠠᠰᠤᠨ ᠳᠠᠭᠠᠨ ᠬᠢᠯᠢ ᠶᠢ ᠳᠡᠮᠵᠢᠭᠦ ᠪᠠᠷ ᠦᠪᠦᠷ ᠮᠤᠩᠭᠤᠯ ᠳᠤ ᠢᠷᠡᠵᠤ᠂ ᠳᠠᠭᠤᠤ | ᠬᠦᠭᠵᠢᠮ ᠤᠨ ᠪᠠᠭᠰᠢ ᠪᠤᠯᠵᠤ᠂ ᠶᠡᠷᠦᠨᠢ ᠬᠦᠭᠡᠬᠤᠳᠠ ᠳᠤ ᠠᠮᠢᠳᠤᠷᠠᠵᠤ ᠪᠠᠶᠢᠵᠠᠢ᠃ ᠨᠠᠰᠤᠳᠠᠨ 5 ᠬᠡᠦᠭᠡᠳ ᠲᠠᠢ᠂ | 3 ᠬᠡᠦᠭᠡᠳ ᠨᠢ ᠭᠠᠳᠠᠨ᠎ᠠ ᠭᠠᠵᠠᠷ ᠠᠵᠢᠯᠯᠠᠨ᠂ 1 ᠨᠢ ᠬᠦᠬᠡᠬᠤᠳᠠ ᠳᠤ ᠪᠠᠶᠢᠭᠰᠠᠨ ᠴᠦ ᠶᠡᠷᠦᠨᠢ ᠦᠷᠭᠦᠯᠵᠢ | ᠭᠠᠳᠠᠭᠰᠢ ᠭᠠᠷᠳᠠᠭ ᠪᠠᠶᠢᠯ᠎ᠠ᠃ ︽ᠦᠳᠡᠯᠦᠭᠰᠡᠨ ᠤ ᠳᠠᠷᠠᠭ᠎ᠠ ᠪᠤᠭᠤᠳᠤ ᠳᠤ ᠪᠠᠶᠢᠭ᠎ᠠ ᠬᠤᠶᠠᠳᠤᠭᠠᠷ ᠬᠦᠦ ᠪᠠᠨ | ᠳᠠᠭᠠᠶ᠎ᠠ ᠭᠡᠰᠡᠨ ᠪᠤᠯᠪᠠᠴᠦ ᠦᠪᠡᠷ ᠤᠨ ᠠᠮᠢᠳᠤᠷᠠᠯ ᠤᠨ ᠤᠷᠤᠨ ᠵᠠᠢ ᠲᠠᠢ ᠪᠠᠶᠢᠬᠤ ᠶᠢ ᠪᠤᠳᠤᠯᠬᠢᠯᠠᠭᠠᠳ ᠡᠨᠡᠭᠦ ᠡᠮ | ᠡᠮᠨᠡᠯᠭᠡ ᠪᠤᠯᠤᠨ ᠨᠠᠰᠤᠳᠠᠶᠢᠴᠤᠳ ᠤᠨ ᠠᠰᠠᠷᠠᠮᠵᠢ ᠶᠢ ᠤᠶᠠᠯᠳᠤᠭᠤᠯᠤᠭᠰᠠᠨ ᠨᠠᠰᠤᠳᠠᠶᠢᠴᠤᠳ ᠤᠨ ᠠᠰᠠᠷᠠᠮᠵᠢ ᠶᠢᠨ | ᠬᠦᠷᠢᠶᠡᠯᠡᠩ ᠳᠤ ᠢᠷᠡᠵᠤ᠂ ᠠᠳᠡᠬᠢ ᠬᠠᠮᠤᠭ ᠠᠩᠬᠠᠨ ᠤ ᠵᠤᠴᠢᠨ ᠪᠤᠯᠵᠠᠢ︾᠃ | ᠭᠤᠤ ᠡᠮᠡᠭᠡ ᠶᠢᠨ ᠭᠡᠷ ᠨᠢ 30 ᠭᠠᠷᠤᠢ ᠳᠡᠭᠰᠢ ᠲᠦᠷᠪᠡᠯᠵᠢᠨ ᠮᠧᠳ᠋ᠷ᠂ ᠰᠠᠷᠠᠭᠤᠯ ᠠᠭᠤᠵᠢᠮ ᠪᠠᠶᠢᠯ᠎ᠠ᠃ | ᠨᠠᠰᠤᠳᠠᠨ ᠳᠠᠭᠤᠤ ᠰᠤᠨᠤᠰᠬᠤ᠂ ᠡᠳᠦᠷ ᠤᠨ ᠳᠡᠮᠳᠡᠭᠯᠡᠯ ᠪᠢᠴᠢᠭᠦ᠂ ᠨᠤᠮ ᠤᠩᠰᠢᠬᠤ᠂ ᠸᠢᠴᠠᠲ ᠨᠠᠭᠠᠳᠬᠤ ᠳᠤᠷᠠᠳᠠᠢ | ᠂ ᠵᠡᠷᠢᠮ ᠳᠠᠭᠠᠨ ᠨᠠᠶᠢᠵᠠ ᠶᠢᠨ ᠳᠤᠭᠤᠷᠢᠭ ᠲᠠᠭᠠᠨ ᠸᠢᠳᠢᠣ᠋ ᠳᠠᠯᠪᠢᠴᠢᠬᠠᠳᠠᠭ᠃ ᠰᠤᠯᠠ ᠰᠡᠯᠡᠭᠦᠦ ᠭᠠᠷᠪᠠᠯ | ᠴᠡᠴᠡᠷᠯᠢᠭᠳᠦ ᠬᠤᠷᠢᠶᠠᠨ ᠳᠠᠭᠠᠨ ᠰᠡᠯᠡᠭᠦᠴᠡᠨ᠂ ᠫᠠᠢ ᠨᠠᠭᠠᠳᠬᠤ ᠦᠷᠦᠭᠡᠨ ᠳᠤ ᠬᠦᠷᠴᠦ ᠫᠠᠢ ᠨᠠᠭᠠᠳᠴᠦ᠂ ᠺᠢᠨᠣ᠋ | ᠲᠧᠯᠧᠢᠰ ᠤᠨ ᠳᠢᠩᠬᠢᠮ ᠳᠡᠭᠡᠨ ᠬᠦᠷᠴᠦ ᠺᠢᠨᠣ᠋ ᠰᠤᠨᠢᠷᠬᠠᠨ᠂ ᠨᠠᠰᠤᠳᠠᠶᠢᠴᠤᠳ ᠲᠤ ᠳᠠᠭᠤᠤ ᠳᠠᠭᠤᠯᠠᠬᠤ ᠶᠢ ᠰᠤᠷᠭᠠᠨ᠂ | ᠨᠢᠭᠡ ᠡᠳᠦᠷ ᠢᠶᠠᠨ ᠤᠳᠬ᠎ᠠ ᠠᠭᠤᠯᠭ᠎ᠠ ᠲᠠᠢ ᠪᠠᠷ ᠦᠩᠭᠡᠷᠡᠭᠡᠳᠡᠭ ᠶᠤᠮ᠃ ᠨᠠᠰᠤᠳᠠᠨ ᠵᠢᠷᠦᠭᠡᠨ ᠡᠪᠡᠳᠴᠢᠨ ᠲᠠᠢ | ᠪᠤᠯᠬᠤᠷ ᠠᠳᠡ 3 ᠤᠳᠠᠭ᠎ᠠ ᠡᠪᠡᠳᠴᠢᠨ ᠨᠢ ᠳᠠᠬᠢᠬᠤ ᠳᠤ ᠳᠡᠷᠡ ᠳᠠᠷᠤᠢ ᠳᠤᠨᠢ ᠨᠢᠭᠡ ᠬᠦᠷᠢᠶᠡᠨ ᠳᠤ ᠪᠠᠶᠢᠭ᠎ᠠ | ᠡᠮᠨᠡᠯᠭᠡ ᠶᠢᠨ ᠬᠤᠷᠢᠶ᠎ᠠ ᠳᠤ ᠬᠦᠷᠭᠡᠨ᠂ ᠳᠠᠷᠤᠢ ᠲᠦᠷᠭᠡᠨ ᠪᠦᠭᠡᠳ ᠨᠠᠷᠢᠯᠢᠭ ᠠᠪᠤᠷᠠᠨ ᠡᠮᠨᠡᠵᠤ᠂ ᠠᠶᠤᠯ ᠠᠴᠠ | ᠮᠤᠯᠳᠤᠷᠠᠭᠰᠠᠨ ᠪᠤᠯᠬᠤᠷ ᠠᠳᠡ ᠰᠠᠨᠠᠭ᠎ᠠ ᠠᠮᠤᠷ ᠰᠠᠭᠤᠬᠤ ᠳᠤᠷᠠᠳᠠᠢ ᠪᠠᠶᠢᠯ᠎ᠠ᠃ ︽ᠡᠮᠨᠡᠯᠭᠡ ᠶᠢᠨ ᠬᠤᠷᠢᠶ᠎ᠠ ᠶᠢᠨ | ᠳᠠᠷᠤᠭ᠎ᠠ ᠪᠤᠯᠤᠨ ᠡᠮᠴᠢ ᠰᠤᠪᠢᠯᠠᠭᠴᠢᠳ ᠲᠠᠢ ᠰᠠᠶᠢᠨ ᠳᠠᠨᠢᠯ ᠳᠠᠰᠤᠯ ᠪᠤᠯᠵᠤ᠂ ᠡᠮᠨᠡᠯᠭᠡ ᠳᠤ ᠰᠠᠭᠤᠬᠤ ᠳᠤ ᠤᠢᠢᠷ᠎ᠠ | ᠰᠠᠳᠤᠨ ᠮᠡᠳᠤ ᠨᠠᠳᠠ ᠶᠢ ᠬᠠᠷᠠᠭᠠᠯᠵᠠᠵᠤ ᠪᠠᠶᠢᠨ᠎ᠠ︾᠃ ᠭᠤᠤ ᠡᠮᠡᠭᠡ ᠡᠳᠦᠷ ᠤᠨ ᠳᠡᠮᠳᠡᠭᠯᠡᠯ ᠳᠡᠭᠡᠨ᠄ ᠬᠦᠮᠦᠨ | ᠪᠤᠯᠭᠠᠨ ᠳᠤ ᠳᠤᠮᠳᠠᠳᠤ ᠶᠢᠨ ᠬᠦᠰᠡᠯ ᠡᠷᠡᠮᠡᠯᠵᠡᠯ ᠲᠠᠢ᠂ ᠨᠠᠰᠤᠳᠠᠶᠢᠴᠤᠳ ᠤᠨ ᠬᠦᠰᠡᠯ ᠪᠤᠯ ᠳᠠᠷᠤᠢ ᠦᠳᠡᠯᠪᠡᠯ | ᠳᠦᠰᠢᠭ ᠳᠤᠯᠭᠠᠭᠤᠷᠢ ᠲᠠᠢ᠂ ᠦᠳᠡᠯᠪᠡᠯ ᠬᠦᠷᠳᠡᠬᠦ ᠠᠰᠠᠷᠠᠮᠵᠢ ᠲᠠᠢ᠂ ᠦᠳᠡᠯᠪᠡᠯ ᠡᠳ᠋ᠯᠡᠭᠦ ᠵᠢᠷᠭᠠᠯ ᠲᠠᠢ᠂ ᠡᠨᠡᠭᠦ | ᠬᠦᠰᠡᠯ ᠮᠢᠨᠢ ᠤᠳᠤ ᠪᠡᠶᠡᠯᠡᠭᠳᠡᠯᠠ ᠭᠡᠵᠤ ᠪᠢᠴᠢᠯ᠎ᠠ᠃ | |