ᠠᠷᠢᠬᠢᠨ ᠱᠠᠯᠠᠭ᠎ᠠ ᠶᠢ ᠲᠡᠪᠴᠢᠵᠦ ᠡᠷᠡᠬᠦᠯ ᠡᠩᠭᠡ ᠶᠢ ᠡᠷᠬᠢᠮᠯᠡᠶ᠎ᠠ
ᠨᠡᠶᠢᠲᠡᠯᠡᠭᠰᠡᠨ ᠴᠠᠭ᠄
2018-04-10
      ᠬᠠᠶᠢᠷ᠎ᠠ ᠰᠡᠳᠬᠢᠯᠭᠡ ᠶᠢ ᠠᠷᠢᠬᠢ ᠤᠤᠭᠤᠵᠤ ᠲᠠᠶᠢᠯᠬᠦ ᠬᠡᠮᠵᠢᠶ᠎ᠡ ᠪᠠᠷ ᠬᠡᠮᠵᠢᠶᠡᠯᠡᠬᠦ ᠳᠤ ᠬᠦᠷᠪᠡᠯ᠂ ᠡᠨᠡ ᠨᠢ ᠨᠡᠭᠡᠷᠡᠨ ᠬᠠᠶᠢᠷ᠎ᠠ ᠰᠡᠳᠬᠢᠯᠭᠡ ᠶᠢᠨ ᠢᠯᠡᠷᠡᠭᠦᠯᠦᠯ ᠪᠤᠯᠵᠤ ᠴᠢᠳᠠᠨ᠎ᠠ ᠤᠤ︖ ᠠᠭᠤᠯᠵᠠᠪᠠᠯ ᠠᠷᠢᠬᠢ ᠭᠠᠷᠭᠠᠵᠤ᠂ ᠤᠴᠠᠷᠠᠪᠠᠯ ᠬᠤᠨᠳᠠᠭ᠎ᠠ ᠮᠦᠷᠭᠦᠭᠦᠯᠵᠤ ᠬᠠᠶᠢᠷ᠎ᠠ ᠰᠡᠳᠬᠢᠯᠭᠡ ᠪᠠᠨ ︽ᠢᠯᠡᠳᠭᠡᠬᠦ︾ ᠪᠤᠶᠤ ︽ᠵᠤᠵᠠᠭᠠᠳᠬᠠᠬᠤ︾᠎ ᠪᠠᠷ ᠱᠠᠭᠠᠷᠳᠠᠬᠤ ᠦᠵᠡᠭᠳᠡᠯ ᠲᠠᠢ ᠤᠯᠠᠨ ᠬᠠᠷᠭᠤᠯ᠎ᠠ᠃ ᠲᠡᠭᠡᠪᠡᠯ ᠠᠷᠢᠬᠢ ᠨᠢ ᠦᠨᠡᠨᠬᠦ ᠲᠡᠶᠢᠮᠦ ᠦᠨᠳᠦᠷ ᠪᠠᠶᠢᠷᠢ ᠶᠢᠨ ᠦᠢᠯᠡᠳᠦᠯ ᠲᠠᠢ ᠭᠡᠵᠢ ᠦᠦ︖ ᠵᠢᠯ ᠴᠠᠭᠠᠨ ᠰᠠᠷ᠎ᠠ ᠪᠠᠷ ᠭᠡᠷ ᠲᠤ ᠢᠷᠡᠭᠰᠡᠨ ᠭᠡᠶᠢᠴᠢᠨ ᠵᠤᠴᠢᠳ ᠢᠶᠠᠨ ᠵᠠᠪᠠᠯ ᠠᠷᠢᠬᠢ ᠪᠠᠷ ᠳᠠᠶᠢᠯᠠᠬᠤ ᠬᠡᠷᠡᠭᠳᠡᠢ ᠭᠡᠬᠦ‍ ᠰᠢᠭ ᠰᠤᠨᠢᠨ ︽ᠪᠠᠳᠤᠶᠤᠰᠤ︾ ᠬᠤᠳᠠ ᠬᠦᠳᠡᠭᠡ ᠶᠢᠨ ᠤᠯᠠᠨ ᠠᠶᠢᠯ ᠢᠶᠠᠷ ᠶᠠᠪᠤᠭᠳᠠᠨ᠎ᠡ᠃ ᠶᠠᠭᠤᠨ ᠳᠤ ᠵᠠᠪᠠᠯ ᠠᠷᠢᠬᠢ ᠳᠠᠷᠠᠰᠤ ᠪᠠᠷ ᠳᠠᠶᠢᠯᠠᠬᠤ ᠬᠡᠷᠡᠭ ᠲᠠᠢ ᠪᠤᠢ︖ ᠭᠡᠬᠦ ᠳᠤ ᠦᠭᠡᠢ ᠪᠤᠯ ᠢᠷᠡᠭᠰᠡᠨ ᠵᠤᠴᠢᠨ ᠨᠢ ᠰᠠᠳᠬᠢᠯ ᠳᠤᠮᠳᠠᠭᠤᠷ ᠪᠤᠴᠠᠳᠠᠭ ᠭᠡᠨ᠎ᠡ᠃ ᠶᠠᠭ ᠡᠶᠢᠮᠦ ᠠᠴᠠ ᠴᠠᠭᠠᠨ ᠰᠠᠷ᠎ᠠ ᠪᠤᠯᠬᠤ ᠪᠠᠷ ᠡᠨᠡᠬᠦ ︽ᠪᠠᠳᠤᠶᠤᠰᠤ︾᠎ ᠳᠤ ᠤᠷᠢᠶᠠᠬᠳᠠᠵᠤ ᠬᠡᠳᠦ᠋ᠢᠴᠢᠨᠡᠭᠡᠨ ᠬᠦᠮᠦᠨ ᠡᠷᠡᠭᠦᠯ ᠪᠡᠶ᠎ᠡ ᠪᠠᠨ ᠬᠠᠶᠢᠬᠤᠷᠤᠯ ᠦᠭᠡᠢ ᠠᠷᠢᠬᠢᠨ ᠰᠢᠷᠡᠭᠡᠨ ᠳᠡᠭᠡᠷ᠎ᠡ ︽ᠳᠠᠰᠢᠭᠤᠷ︾ ᠨᠡᠮᠡᠵᠤ ᠯᠡ ᠪᠠᠶᠢᠳᠠᠭ᠃ ᠤᠢᠢᠷ᠎ᠠ ᠶᠢᠨ ᠵᠢᠯ ᠠᠴᠠ ᠪᠠᠰᠠ ︽ᠬᠠᠮᠳᠤ ᠰᠤᠷᠤᠬᠴᠢ ᠶᠢᠨ ᠴᠤᠬᠯᠠᠭᠠᠨ︾ ᠭᠡᠵᠤ ᠦᠳᠡᠯᠦᠭᠰᠡᠨ ᠵᠠᠯᠠᠭᠤ ᠶᠢᠨ ᠢᠯᠭᠠᠭ᠎ᠠ ᠦᠭᠡᠢ ᠶᠡᠭᠡ ᠬᠦᠯ ᠬᠦᠭᠡᠷᠴᠡᠭ ᠪᠤᠯᠬᠤ ᠪᠤᠯᠤᠯ᠎ᠠ᠃ ᠡᠨᠡ ᠨᠢ ᠦᠨᠡᠨᠳᠡᠭᠡᠨ ᠬᠠᠮᠳᠤ ᠰᠤᠷᠤᠬᠴᠢ ᠶᠢᠨ ᠬᠠᠷᠢᠯᠴᠠᠭ᠎ᠠ ᠶᠠᠪᠤᠯᠴᠠᠭ᠎ᠠ ᠶᠢ ᠨᠢᠭᠲᠠᠷᠠᠭᠤᠯᠬᠤ ᠰᠠᠶᠢᠨ ᠶᠠᠪᠤᠳᠠᠯ᠃ ᠭᠡᠪᠡᠴᠦ ᠵᠠᠷᠢᠮ ᠴᠤᠬᠯᠠᠭᠠᠨ ᠨᠢ ᠠᠷᠢᠬᠢᠨ ᠤ ᠭᠦᠨ ᠭᠤᠤ ᠳᠤ ︽ᠤᠨᠠᠵᠤ︾᠂ ᠠᠵᠢᠯ ᠶᠠᠪᠤᠳᠠᠯ᠂ ᠠᠮᠢᠳᠤᠷᠠᠯ ᠠᠬᠤᠢ ᠶᠢ ᠰᠠᠭᠠᠳᠠᠭᠠᠵᠤ ᠪᠠᠶᠢᠳᠠᠭ ᠨᠢ ᠰᠤᠨᠤᠰᠳᠠᠵᠤ ᠪᠠᠶᠢᠨ᠎ᠠ᠃ ᠬᠡᠳᠦᠢ ᠵᠢᠯ ᠠᠭᠤᠯᠵᠠᠭ᠎ᠠ ᠦᠭᠡᠢ ᠬᠡᠳᠦᠨ ᠬᠠᠮᠳᠤ ᠰᠤᠷᠤᠬᠴᠢ ᠲᠠᠢ ᠪᠠᠨ ᠠᠭᠤᠯᠵᠠᠭᠠᠳ ᠰᠡᠳᠬᠢᠯ ᠢᠶᠠᠨ ᠠᠭᠤᠵᠢᠷᠠᠳᠠᠯ᠎ᠠ ᠰᠠᠶᠢᠨ ᠨᠢᠭᠡ ᠵᠤᠭᠤᠬᠳᠠᠬᠤ ᠶᠢ ᠪᠤᠳᠤᠬᠤ ᠦᠭᠡᠢ᠂ ᠬᠠᠷᠢᠨ ᠠᠷᠢᠬᠢ ᠪᠠᠷᠢᠵᠤ ᠱᠠᠯᠠᠬᠰᠠᠨ ᠳᠡᠭᠡᠷ᠎ᠡ ᠨᠢ ᠱᠠᠯᠠᠵᠤ ︽ᠡᠨᠡ ᠤᠷᠤᠢ ᠰᠤᠬᠳᠤᠬᠤ ᠦᠭᠡᠢ ᠪᠤᠯ ᠬᠠᠷᠢᠬᠤ ᠦᠭᠡᠢ︾᠂ ︽ᠰᠡᠳᠬᠢᠯ ᠨᠢ ᠬᠤᠨᠳᠠᠭᠠᠨ ᠤ ᠢᠷᠤᠭᠠᠷ ᠲᠤ ᠪᠠᠶᠢᠨ᠎ᠠ︾ ᠭᠡᠬᠦ ᠮᠡᠳᠦ ᠪᠠᠷ ᠰᠢᠬᠠᠵᠦ ᠳᠤᠯᠭᠠᠬᠤ ᠦᠵᠡᠭᠳᠡᠯ ᠳᠠᠩᠳᠠ ᠭᠠᠷᠴᠤ ᠪᠠᠶᠢᠳᠠᠭ᠃ ᠡᠨᠡ ᠨᠢ ᠬᠠᠮᠳᠤ ᠰᠤᠷᠤᠬᠴᠢ ᠶᠢᠨ ᠬᠠᠶᠢᠷ᠎ᠠ ᠰᠡᠳᠬᠢᠯᠭᠡ ᠶᠢ ᠢᠯᠡᠳᠭᠡᠬᠦ ᠬᠡᠯᠪᠡᠷᠢ ᠪᠢᠰᠢ᠂ ᠬᠠᠷᠢᠨ ᠠᠷᠢᠬᠢᠨ ᠳᠤ ᠰᠢᠨᠤᠬᠰᠠᠨ ᠤᠴᠢᠷ ᠯᠠ ᠪᠠᠶᠢᠬ᠎ᠠ ᠡ᠃
    ᠠᠷᠢᠬᠢ ᠬᠡᠳᠦᠷᠡᠳᠡᠯ᠎ᠠ ᠤᠤᠭᠤᠭᠠᠳ ᠪᠡᠶ᠎ᠡ ᠪᠠᠨ ᠵᠤᠪᠠᠭᠠᠵᠤ᠂ ᠬᠤᠳᠤᠭᠤᠳᠤ ᠬᠡᠳᠡᠰᠦ ᠭᠡᠳ ᠡᠮ ᠡᠷᠢᠭᠡᠳ ᠬᠦᠶᠦᠳᠡᠭ ᠬᠦᠮᠦᠨ ᠢ ᠤᠯᠠᠨ ᠬᠠᠷᠠᠯ᠎ᠠ᠃ ᠢᠡᠭᠬᠢᠵᠤ ᠶᠡᠭᠡ ᠵᠤᠪᠠᠭ᠋ᠤ ᠶᠢ ᠨᠢ ᠬᠠᠷᠠᠭᠠᠳ ᠲᠠᠬᠢᠵᠤ ᠯᠡ ᠤᠤᠭᠤᠬᠤ ᠦᠭᠡᠢ ᠪᠠᠶᠢᠬ᠎ᠠ ᠭᠡᠵᠤ ᠪᠤᠳᠤᠬᠤ ᠳᠤ᠂ ᠳᠡᠮᠡᠢ ᠬᠤᠶᠠᠷ ᠡᠳᠤᠷ ᠪᠤᠯᠬᠤ ᠦᠭᠡᠢ ᠬᠤᠶᠠᠷ ᠭᠤᠷᠪᠠᠭᠤᠯᠠ ᠪᠠᠨ ᠨᠡᠶᠢᠯᠡᠪᠡᠯ ᠳᠠᠬᠢᠭᠠᠳ ᠯᠡ ᠶᠡᠭᠡ ᠬᠦᠨᠳᠤᠷᠳᠡᠭ ᠬᠦᠮᠦᠰ ᠮᠤᠩ ᠦᠭᠡᠢ ᠪᠠᠶᠢᠳᠠᠭ᠃ ᠵᠠᠷᠢᠮ ᠨᠢ ᠠᠷᠢᠬᠢ ᠤᠤᠭᠤᠪᠠᠯ ᠰᠠᠶ᠋ᠢ ᠦᠨᠡᠨ ᠰᠡᠳᠬᠢᠯ ᠤᠨ ᠦᠭᠡ ᠪᠠᠨ ᠶᠠᠷᠢᠵᠤ ᠳᠡᠶᠢᠯᠦᠨ᠎ᠡ ᠬᠡᠳᠡᠭ᠃ ᠡᠷᠡᠭᠦᠯ ᠰᠠᠷᠠᠭᠤᠯ ᠦᠶ᠎ᠡ ᠳᠡᠭᠡᠨ ᠶᠠᠷᠢᠵᠤ ᠴᠢᠳᠠᠬᠰᠠᠨ ᠦᠭᠡᠢ ᠦᠭᠡ ᠶᠢ ᠠᠷᠢᠬᠢ ᠤᠤᠭᠤᠵᠤ ᠤᠬᠠᠭᠠᠨ ᠪᠠᠯᠠᠷᠠᠬᠤ ᠦᠶ᠎ᠡ ᠳᠤ ᠬᠡᠯᠡᠵᠤ ᠴᠢᠳᠠᠨ᠎ᠠ ᠭᠡᠵᠤ ᠢᠳᠡᠭᠡᠭᠳᠡᠰᠢ ᠦᠭᠡᠢ ᠃ ᠢᠳᠡᠭᠡᠯ ᠵᠤᠷᠢᠭ ᠢ ᠪᠢᠳᠡᠭᠡᠢ ᠠᠷᠢᠬᠢᠨ ᠠᠴᠠ ᠭᠤᠶᠤᠭᠠᠷᠠᠢ︕ ︽ᠠᠷᠢᠬᠢᠨ ᠤ ᠬᠦᠮᠦᠨ ᠤ ᠦᠭᠡ ᠶᠢ ᠦᠭᠡᠨ ᠳᠤ ᠪᠦᠦ ᠪᠤᠳᠤ︕︾ ᠭᠡᠳᠡᠭ ᠦᠭᠡ ᠪᠠᠰᠠ ᠪᠠᠶᠢᠳᠠᠭ ᠰᠢᠦ︕ ᠪᠤᠳᠤᠬᠰᠠᠨ ᠰᠠᠨᠠᠬᠰᠠᠨ ᠢᠶᠠᠨ ᠠᠷᠢᠬᠢ ᠦᠭᠡᠢ ᠰᠠᠶᠢᠬᠠᠨ ᠬᠡᠯᠡᠪᠡᠯ ᠠᠷᠢᠬᠢᠨ ᠤ ᠳᠠᠷᠠᠭ᠎ᠠ ᠶᠠᠷᠢᠬᠰᠠᠨ ᠠᠴᠠ ᠢᠯᠡᠬᠦᠦ ᠦᠨᠡᠳᠡᠢ ᠪᠢᠰᠢᠤ⁈ ᠬᠠᠶᠢᠷ᠎ᠠ ᠰᠡᠳᠬᠢᠯᠭᠡ ᠪᠠ ᠠᠷᠢᠬᠢ ᠬᠤᠶᠠᠷ ᠦᠨᠡᠨᠳᠡᠭᠡᠨ ᠰᠢᠭᠤᠳ ᠬᠠᠷᠢᠴᠠᠭ᠎ᠠ ᠪᠠᠶᠢᠭ᠎ᠠ ᠦᠭᠡᠢ᠃ ᠠᠷᠢᠬᠢ ᠪᠠ ᠬᠠᠶᠢᠷ᠎ᠠ ᠶᠢ ᠬᠤᠯᠪᠤᠵᠤ ᠪᠡᠶ᠎ᠡ ᠪᠠᠨ ᠪᠢᠳᠡᠭᠡᠢ ᠬᠠᠷᠠᠳᠠᠭᠠᠷᠠᠢ︕ ᠪᠤᠰᠤᠳ ᠢ ᠨᠡᠩ ᠴᠤ ᠪᠢᠳᠡᠭᠡᠢ ᠱᠠᠯᠠᠵᠤ ᠰᠢᠬᠠᠭᠠᠷᠠᠢ︕ ᠦᠨᠡᠨ ᠰᠡᠳᠬᠢᠯ ᠠᠴᠠ ᠪᠠᠨ ᠨᠦᠭᠦᠭᠡᠳᠡᠬᠢ ᠪᠠᠨ ᠪᠤᠳᠤᠵᠤ ᠰᠠᠨᠠᠵᠤ ᠪᠠᠶᠢᠬᠤ ᠶᠤᠮ ᠪᠤᠯ᠂ ᠲᠡᠬᠦᠨ ᠤ ᠡᠷᠡᠭᠦᠯ ᠮᠡᠨᠳᠦ᠂ ᠡᠩᠭᠡ ᠠᠮᠤᠭᠤᠯᠠᠩ ᠤᠨ ᠲᠦᠯᠦᠭᠡ ᠠᠷᠢᠬᠢ ᠳᠤᠲᠠᠭᠤ ᠡᠳ᠋ᠯᠡᠵᠦ᠂ ᠡᠷᠡᠭᠦᠯ ᠰᠠᠷᠠᠭᠤᠯ ᠠᠮᠢᠳᠤᠷᠠᠬᠤ ᠶᠢ ᠨᠢ ᠢᠳᠬᠠᠵᠤ᠂ ᠵᠦᠩᠨᠡᠵᠦ ᠶᠠᠪᠤᠭᠠᠷᠠᠢ︕
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1