ᠡᠪᠦᠯ ᠤᠨ ᠴᠠᠭ ᠲᠤ ᠪᠡᠶ᠎ᠡ ᠪᠠᠨ ᠪᠣᠯᠪᠠᠰᠤᠷᠠᠭᠤᠯᠬᠤ ᠳᠤ
ᠨᠡᠶᠢᠲᠡᠯᠡᠭᠰᠡᠨ ᠴᠠᠭ᠄
2018-04-10
      ᠳᠠᠭᠠᠷᠠᠭᠰᠠᠨ ᠦᠶᠡᠰ ᠭᠠᠯ ᠳᠤ ᠡᠭᠡᠭᠡᠵᠦ ᠪᠣᠯᠬᠤ ᠦᠭᠡᠢ ᠭᠠᠯ ᠬᠦᠯ ᠶᠠᠩᠭᠢᠨᠡᠵᠦ ᠳᠠᠭᠠᠷᠠᠭᠰᠠᠨ ᠦᠶᠡᠰ ᠭᠠᠯ ᠳᠡᠭᠡᠷ᠎ᠠ ᠡᠭᠡᠭᠡᠵᠦ ᠳᠤᠯᠠᠭᠠᠴᠠᠬᠤ ᠨᠢ ᠵᠣᠬᠢᠰ ᠲᠠᠢ ᠰᠢᠭ᠋ ᠪᠣᠯᠪᠠᠴᠤ ᠢᠩᠬᠢᠵᠦ ᠪᠣᠯᠳᠠᠭ ᠦᠭᠡᠢ᠃ ᠤᠴᠢᠷ ᠨᠢ ᠡᠪᠦᠯ ᠭᠠᠷ ᠬᠦᠯ ᠢᠶᠠᠨ ᠭᠠᠳᠠᠨ᠎ᠠ ᠤᠳᠠᠭᠠᠨ ᠪᠠᠶᠢᠯᠭᠠᠪᠠᠯ᠂ ᠴᠢᠰᠤᠨ ᠰᠤᠳᠠᠯ ᠠᠪᠴᠢᠵᠦ ᠴᠢᠰᠤᠨ ᠬᠦᠶᠦᠳᠡᠯ ᠤᠳᠠᠭᠠᠰᠢᠷᠠᠨ᠎ᠠ᠂ ᠡᠨᠡ ᠦᠶ᠎ᠡ ᠳᠤ ᠬᠡᠷᠪᠡ ᠳᠣᠣᠷ᠎ᠠ ᠨᠢ ᠭᠠᠯ ᠳᠤ ᠡᠭᠡᠭᠡᠪᠡᠯ ᠴᠢᠰᠤᠨ ᠰᠤᠳᠠᠯ ᠮᠢᠨᠴᠦᠭᠦᠷᠡᠵᠦ᠂ ᠠᠪᠴᠢᠬᠤ ᠴᠢᠳᠠᠯ ᠢᠶᠠᠨ ᠠᠯᠳᠠᠨ᠂ ᠯᠤᠭᠰᠢᠭᠤᠨ ᠰᠤᠳᠠᠯ ᠳᠤ ᠴᠢᠰᠤ ᠪᠦᠭᠯᠡᠷᠡᠵᠦ᠂ ᠬᠢᠯᠭᠠᠰᠤᠨ ᠰᠤᠳᠠᠯ ᠲᠡᠯᠡᠵᠦ᠂ ᠨᠡᠪᠴᠢᠬᠦ ᠴᠢᠨᠠᠷ ᠨᠢ ᠴᠢᠩᠭᠠᠷᠠᠵᠤ᠂ ᠭᠡᠰᠡᠭ ᠭᠠᠵᠠᠷ ᠲᠤ ᠴᠢᠰᠤ ᠬᠤᠷᠠᠨ᠎ᠠ᠃ ᠬᠦᠩᠭᠡᠨ ᠳᠡᠭᠡᠨ ᠬᠦᠯᠳᠡᠭᠰᠡᠨ ᠰᠤᠷᠪᠢ ᠦᠯᠡᠳᠡᠵᠦ᠂ ᠬᠦᠨᠳᠦ ᠳᠡᠭᠡᠨ ᠨᠡᠭᠡᠳᠡᠰᠦ ᠨᠢ ᠦᠬᠦᠴᠢᠨ᠎ᠠ᠃ ᠲᠡᠶᠢᠮᠦ ᠠᠴᠠ ᠬᠦᠯᠳᠡᠭᠰᠡᠨ ᠭᠠᠷ ᠭᠦᠯ ᠢ ᠬᠦᠩᠭᠡᠭᠡᠨ ᠨᠤᠬᠤᠯᠠᠨ ᠱᠦᠷᠭᠦᠭᠡᠵᠦ ᠪᠠᠶᠢᠭᠠᠳ ᠠᠭᠠᠵᠢᠮ ᠢᠶᠠᠷ ᠳᠤᠯᠠᠭᠠᠴᠠᠭᠤᠯᠤᠨ᠎ᠠ᠃ ᠤᠷᠤᠭᠤᠯ ᠬᠠᠳᠠᠭᠰᠠᠨ ᠴᠤ ᠳᠣᠯᠢᠶᠠᠵᠦ ᠪᠣᠯᠬᠤ ᠦᠭᠡᠢ ᠡᠪᠦᠯ ᠤᠨ ᠴᠠᠭ ᠲᠤ ᠤᠷᠤᠭᠤᠯ ᠬᠠᠲᠠᠪᠠᠯ ᠬᠡᠯᠡ ᠪᠠᠷ ᠢᠶᠠᠨ ᠳᠣᠯᠢᠶᠠᠵᠦ ᠨᠣᠷᠭᠠᠵᠤ ᠪᠣᠯᠬᠤ ᠦᠭᠡᠢ᠃ ᠤᠴᠢᠷ ᠨᠢ ᠰᠢᠯᠦᠰᠦ ᠪᠣᠯ ᠰᠢᠯᠦᠰᠦᠨ ᠪᠣᠯᠴᠢᠷᠬᠠᠢ ᠠᠴᠠ ᠰᠢᠭᠦᠷᠡᠵᠦ᠂ ᠠᠮᠠᠨ ᠤ ᠬᠦᠨᠳᠡᠢ ᠶᠢ ᠨᠦᠢᠲᠠᠨ ᠪᠣᠯᠭᠠᠬᠤ ᠪᠠ ᠢᠳᠡᠰᠢ ᠰᠢᠩᠭᠡᠭᠡᠬᠦ ᠳᠤ ᠭᠡᠷᠡᠭ ᠲᠠᠢ ᠪᠠᠶᠢᠵᠤ᠂ ᠲᠡᠭᠦᠨ ᠤ ᠳᠣᠲᠤᠷ᠎ᠠ ᠴᠠᠷᠳᠠᠭᠤᠯ ᠤᠨ ᠢᠰᠭᠡᠭᠦᠷ ᠮᠡᠲᠦ ᠶᠢᠨ ᠪᠣᠳᠠᠰ ᠠᠭᠤᠯᠤᠭᠳᠠᠵᠤ ᠨᠢᠯᠴᠠᠭᠠᠶᠢᠪᠲᠦᠷ ᠪᠠᠶᠢᠳᠠᠭ᠃ ᠤᠷᠤᠭᠤᠯ ᠢᠶᠠᠨ ᠳᠣᠯᠢᠶᠠᠬᠤ ᠳᠤ ᠶᠠᠭ ᠨᠢᠭᠡᠨ ᠳᠠᠪᠬᠤᠷ ᠨᠠᠭᠠᠯᠲᠠ ᠲᠦᠷᠬᠢᠭᠰᠡᠨ ᠰᠢᠭ ᠪᠣᠯᠵᠤ᠂ ᠰᠠᠯᠬᠢᠨ ᠦᠵᠡᠪᠡᠯ ᠤᠰᠤ ᠨᠢ ᠠᠭᠤᠷᠰᠢᠵᠦ ᠴᠠᠷᠳᠠᠭᠤᠯ ᠤᠨ ᠢᠰᠭᠡᠭᠦᠷ ᠨᠢ ᠤᠷᠤᠭᠤᠯ ᠳᠡᠭᠡᠷ᠎ᠡ ᠨᠠᠭᠠᠯᠳᠤᠵᠦ ᠨᠡᠩ ᠬᠡᠴᠡᠭᠦᠦ ᠬᠠᠳᠠᠨ᠎ᠠ᠂ ᠴᠢᠨᠠᠭᠰᠢᠯᠠᠪᠠᠯ ᠤᠷᠤᠭᠤᠯ ᠬᠠᠨᠭᠠᠷᠠᠨ ᠴᠢᠰᠦ ᠭᠠᠷᠴᠤ᠂ ᠢᠳᠡᠭᠡ ᠰᠢᠭᠦᠰᠦ ᠭᠠᠷᠤᠨ᠎ᠠ᠃ ᠡᠶᠢᠮᠦ ᠠᠴᠠ ᠤᠷᠤᠭᠤᠯ ᠬᠠᠭᠠᠷᠠᠬᠤ ᠦᠶᠡᠰ᠂ ᠪᠦᠯᠢᠶᠡᠨ ᠤᠰᠤ ᠪᠠᠷ ᠰᠠᠶᠢᠲᠤᠷ ᠤᠬᠢᠶᠠᠵᠦ ᠴᠡᠪᠡᠷᠯᠡᠨ ᠡᠩᠭᠡᠰᠭᠡ ᠪᠣᠶᠤ ᠤᠷᠤᠭᠤᠯ ᠤᠨ ᠳᠤᠰᠤ ᠲᠦᠷᠬᠢᠨ᠎ᠡ᠃ ᠪᠠᠰᠠ ᠶᠡᠷᠦ ᠳᠡᠭᠡᠨ ᠪᠤᠴᠠᠯᠤᠭᠰᠠᠨ ᠤᠰᠤ ᠠᠷᠪᠢᠨ ᠤᠤᠭᠤᠵᠦ ᠬᠦᠭᠡ ᠨᠣᠭᠤᠭ᠎ᠠ ᠵᠢᠮᠢᠰ ᠠᠷᠪᠢᠨ ᠢᠳᠡᠪᠡᠯ ᠵᠣᠬᠢᠨ᠎ᠠ᠃ ᠵᠠᠭᠠᠲᠤᠨᠠᠭᠰᠠᠨ ᠴᠤ ᠮᠡᠭᠠᠵᠢᠵᠦ ᠪᠣᠯᠬᠤ ᠦᠭᠡᠢ ᠡᠪᠦᠯ ᠤᠨ ᠠᠭᠤᠷ ᠠᠮᠢᠰᠬᠤᠯ ᠬᠠᠭᠤᠷᠡᠢ ᠠᠴᠠ ᠪᠣᠯᠵᠤ ᠪᠦᠬᠦ ᠪᠡᠶ᠎ᠡ ᠵᠠᠭᠠᠲᠤᠨᠠᠳᠠᠭ ᠶᠤᠮ᠃ ᠡᠨᠡ ᠦᠶᠡᠰ ᠶᠠᠭᠠᠬᠢᠭᠰᠠᠨ ᠴᠤ ᠮᠠᠭᠠᠵᠢᠵᠤ ᠪᠣᠯᠬᠤ ᠦᠭᠡᠢ᠂ ᠡᠰᠡ ᠲᠡᠶᠢᠮᠦ ᠪᠣᠯ ᠠᠷᠠᠰᠤ ᠴᠢᠨᠢ ᠠᠮᠠᠷᠬᠠᠨ ᠰᠢᠯᠪᠤᠷᠢᠵᠦ ᠬᠤᠪᠢᠯᠤᠨ᠎ᠠ᠃ ᠰᠡᠷᠭᠡᠶᠢᠯᠡᠨ ᠵᠠᠰᠠᠬᠤ ᠠᠷᠭ᠎ᠠ ᠭᠡᠪᠡᠯ᠂ ᠤᠰᠤ ᠠᠷᠪᠢᠨ ᠤᠤᠭᠤᠵᠤ᠂ ᠰᠢᠨ᠎ᠡ ᠰᠤᠷᠭᠤᠭ ᠬᠦᠭᠡ ᠨᠣᠭᠤᠭ᠎ᠠ᠂ ᠵᠢᠮᠢᠰ ᠠᠷᠪᠢᠨ ᠢᠳᠡᠵᠦ ᠬᠦᠴᠢᠯᠯᠢᠭ᠂ ᠭᠤᠰᠤᠭᠤᠨ ᠵᠡᠷᠭᠡ ᠰᠡᠳᠡᠯᠳᠡ ᠶᠢᠨ ᠴᠢᠨᠡᠷᠲᠡᠢ ᠢᠳᠡᠭᠡᠨ ᠢ ᠳᠤᠲᠠᠭᠤ ᠢᠳᠡᠪᠡᠯ ᠵᠣᠬᠢᠨ᠎ᠠ᠃ ᠪᠡᠶ᠎ᠡ ᠪᠠᠨ ᠦᠷᠭᠦᠯᠵᠢ ᠤᠬᠢᠶᠠᠨ᠂ ᠳᠣᠲᠤᠷ ᠬᠤᠪᠴᠠᠰᠤ ᠢᠶᠠᠨ ᠦᠷᠬᠦᠯᠵᠢ ᠰᠣᠯᠢᠬᠤ ᠬᠡᠷᠡᠭᠲᠡᠢ᠃ ᠵᠠᠭᠠᠲᠤᠨᠠᠬᠤ ᠨᠢ ᠠᠬᠠᠲᠠᠬᠰᠠᠨ ᠪᠠᠶᠢᠪᠠᠯ ᠡᠮᠴᠢ ᠪᠠᠷ ᠦᠵᠡᠭᠦᠯᠵᠦ᠂ ᠡᠮ ᠲᠦᠷᠬᠢᠪᠡᠯ ᠵᠣᠬᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1