ᠢᠯᠵᠢᠷᠡᠭᠰᠡᠨ ᠵᠢᠮᠢᠰ ᠢ ᠪᠢᠳᠡᠬᠡᠢ ᠢᠳᠡ
ᠨᠡᠶᠢᠲᠡᠯᠡᠭᠰᠡᠨ ᠴᠠᠭ᠄
2018-04-10
      ᠤᠯᠠᠩᠬᠢ ᠬᠦᠮᠦᠰ ᠬᠤᠳᠠᠯᠳᠤᠨ ᠠᠪᠴᠢᠷᠠᠬᠰᠠᠨ ᠵᠢᠮᠢᠰ ᠨᠢ ᠵᠢᠭᠠᠬᠠᠨ ᠢᠯᠵᠢᠷᠡᠭᠰᠨᠨ ᠪᠠᠶᠢᠪᠠᠯ ᠬᠢᠳᠤᠭ᠎ᠠ ᠪᠠᠷ ᠲᠡᠷᠡᠬᠦ ᠬᠡᠰᠡᠭ ᠢ ᠵᠦᠰᠦᠨ ᠬᠠᠶᠠᠭᠠᠳ ᠢᠳᠡᠴᠢᠬᠡᠳᠡᠭ᠂ ᠦᠨᠡᠨᠳᠡᠬᠡᠨ ᠢᠩᠬᠢᠵᠦ ᠢᠳᠡᠬᠦ ᠨᠢ ᠵᠤᠬᠢᠰ ᠦᠬᠡᠢ ᠶᠤᠮ᠃ ᠵᠢᠮᠢᠰ ᠪᠦᠬᠦᠨ ᠢ ᠬᠦᠯᠳᠡᠬᠡᠬᠦᠷ ᠲᠤ ᠬᠠᠳᠠᠭᠠᠯᠠᠵᠤ ᠪᠤᠯᠬᠤ ᠦᠬᠡᠢ᠃ ᠵᠢᠱᠢᠶᠡᠯᠡᠪᠡᠯ᠂ ᠬᠠᠯᠠᠭᠤᠨ ᠪᠦᠰᠡᠨ ᠳᠤ ᠤᠷᠭᠤᠳᠠᠭ ᠪᠠᠨᠠᠨᠠ᠂ ᠠᠪᠠᠷᠠᠢ ᠵᠡᠷᠬᠡ᠃ ᠤᠴᠢᠷ ᠨᠢ ᠡᠳᠡᠬᠡᠷ ᠵᠢᠮᠢᠰ ᠢ ᠬᠦᠯᠳᠡᠬᠡᠬᠦᠷ ᠲᠤ ᠬᠠᠳᠠᠭᠠᠯᠠᠪᠠᠯ ᠠᠮᠠᠷᠬᠠᠨ ᠡᠪᠳᠡᠷᠡᠳᠡᠭ᠃ ᠬᠡᠷᠪᠡ ᠵᠢᠮᠢᠰ ᠢ ᠲᠡᠬᠡᠬᠡᠪᠦᠷᠢᠯᠡᠬᠦ ᠶᠠᠪᠤᠴᠠ ᠳᠤ ᠰᠢᠷᠬᠠᠳᠤᠵᠤ ᠡᠪᠳᠡᠷᠡᠭᠰᠡᠨ ᠬᠡᠰᠡᠭ ᠪᠠᠶᠢᠪᠠᠯ ᠲᠡᠬᠦᠨ ᠢ ᠬᠢᠳᠤᠭ᠎ᠠ ᠪᠠᠷ ᠵᠦᠰᠦᠨ ᠬᠠᠶᠠᠵᠤ ᠢᠳᠡᠵᠦ ᠪᠤᠯᠤᠨ᠎ᠠ᠃ ᠬᠡᠳᠡᠯ᠎ᠡ ᠵᠠᠷᠢᠮ ᠪᠠᠺᠲ᠋ᠧᠷᠢ ᠶᠢᠨ ᠴᠢᠨᠠᠷᠳᠠᠢ ᠢᠯᠵᠢᠷᠡᠭᠰᠡᠨ ᠵᠢᠮᠢᠰ ᠢ ᠢᠳᠡᠵᠦ ᠪᠤᠯᠬᠤ ᠦᠬᠡᠢ᠃ ᠪᠢᠴᠢᠯ ᠪᠤᠳᠠᠰ ᠠᠴᠠ ᠪᠤᠯᠤᠬᠰᠠᠨ ᠢᠯᠵᠢᠷᠡᠭᠰᠡᠨ ᠬᠡᠰᠡᠭ ᠨᠢ ᠵᠦᠪᠬᠡᠨ ᠨᠢᠳᠦ ᠪᠠᠷ ᠤᠯᠵᠦ ᠬᠠᠷᠠᠬᠰᠠᠨ ᠬᠠᠮᠤᠭ ᠤᠨ ᠶᠡᠭᠡ ᠬᠡᠮᠵᠢᠶᠡᠨ ᠳᠤ ᠬᠦᠷᠳᠡᠯ᠎ᠡ ᠢᠯᠵᠢᠷᠡᠭᠰᠡᠨ ᠲᠡᠳᠦᠢ᠂ ᠬᠠᠷᠢᠨ ᠪᠠᠺᠲ᠋ᠧᠷᠢ ᠪᠤᠰᠤᠳ ᠢᠯᠵᠢᠷᠡᠭᠡ ᠦᠬᠡᠢ ᠬᠡᠰᠡᠭ ᠲᠤ ᠲᠠᠷᠬᠠᠬᠰᠠᠨ ᠢ ᠤᠯᠠᠩᠬᠢ ᠬᠦᠮᠦᠰ ᠮᠡᠳᠡᠳᠡᠭ ᠦᠬᠡᠢ᠃ ᠵᠢᠱᠢᠶᠡᠯᠡᠪᠡᠯ᠂ ᠬᠢᠨᠵᠢᠳᠦ ᠰᠫᠤᠷ ᠪᠠᠺᠲ᠋ᠧᠷᠢ ᠨᠢ ᠠᠯᠮᠤᠷᠠᠳ᠂ ᠬᠦᠴᠢᠳᠡᠢ ᠵᠦᠷᠵᠢ᠂ ᠡᠪᠤᠯ ᠤᠨ ᠴᠢᠪᠠᠭ᠎ᠠ᠂ ᠲᠤᠯᠤᠭᠤᠨ᠎ᠠ ᠵᠡᠷᠬᠡ ᠤᠯᠠᠷᠢᠯ ᠤᠨ ᠵᠢᠮᠢᠰ ᠲᠤ ᠠᠮᠠᠷᠬᠠᠨ ᠨᠠᠭᠠᠯᠳᠤᠵᠤ ᠢᠯᠵᠢᠷᠡᠬᠦᠯᠳᠡᠭ᠃ ᠡᠶᠢᠮᠦᠷᠬᠦ ᠢᠯᠵᠢᠷᠡᠭᠰᠡᠨ ᠵᠢᠮᠢᠰ ᠤᠨ ᠬᠤᠤᠷᠠᠳᠦ ᠴᠢᠨᠠᠷ ᠨᠢ ᠬᠦᠮᠦᠨ ᠤ ᠪᠡᠶ᠎ᠡ ᠶᠢᠨ ᠡᠷᠡᠬᠦᠯ ᠮᠡᠨᠳᠦ ᠶᠢ ᠨᠦᠯᠦᠬᠡᠯᠡᠨ᠎ᠡ᠃ ᠲᠠᠷᠤᠢ ᠬᠤᠳᠤᠭᠤᠳᠤ ᠬᠡᠳᠡᠰᠦᠨ ᠤ ᠬᠡᠪ ᠤᠨ ᠠᠵᠢᠯᠯᠠᠭ᠎ᠠ ᠶᠢ ᠰᠠᠮᠠᠭᠤᠷᠠᠭᠤᠯᠬᠤ᠂ ᠬᠠᠷ᠎ᠠ ᠪᠦᠬᠡᠷ᠎ᠡ ᠬᠠᠪᠤᠳᠬᠤ ᠵᠡᠷᠬᠡ ᠢᠯᠡᠷᠡᠯ ᠲᠠᠢ ᠪᠤᠯᠵᠤ᠂ ᠬᠦᠨᠳᠦ ᠰᠢᠭ ᠪᠤᠯ ᠮᠡᠳᠡᠷᠡᠯ ᠤᠨ ᠰᠢᠰᠲ᠋ᠧᠮ᠂ ᠠᠮᠢᠰᠬᠤᠯ ᠤᠨ ᠰᠢᠰᠲ᠋ᠧᠮ᠂ ᠰᠢᠬᠡᠰᠤ ᠰᠢᠬᠦᠷᠡᠬᠦᠯᠬᠦ ᠠᠵᠢᠯᠯᠠᠭ᠎ᠠ ᠶᠢ ᠴᠤ ᠨᠦᠯᠦᠬᠡᠯᠡᠵᠦ ᠴᠢᠨᠠᠬᠰᠢᠯᠠᠪᠠᠯ ᠦᠮᠠᠨ ᠡᠬᠦᠰᠬᠡᠵᠦ ᠴᠤ ᠮᠡᠳᠡᠬᠦ ᠶᠤᠮ᠃ ᠡᠶᠢᠮᠦ ᠠᠴᠠ ᠵᠢᠮᠢᠰ ᠤᠨ ᠢᠯᠵᠢᠷᠡᠭᠰᠡᠨ
ᠬᠡᠰᠡᠭ ᠨᠢ ᠵᠢᠭᠠᠬᠠᠨ ᠪᠠᠶᠢᠬᠰᠠᠨ ᠴᠤ ᠪᠢᠳᠡᠬᠡᠢ ᠢᠳᠡᠬᠡᠷᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1