1. ᠲᠤᠯᠤᠭᠤᠨ᠎ᠠ ᠦᠭᠡᠬᠦ ᠶᠢ ᠵᠠᠳᠠᠷᠠᠭᠤᠯᠬᠤ ᠦᠢᠯᠡᠳᠦᠯ ᠲᠠᠢ ᠲᠤᠯᠤᠭᠤᠨ᠎ᠠ ᠶᠢᠨ ᠪᠦᠲᠦᠭᠦᠯᠢᠭ | ᠰᠢᠷᠭᠡᠭᠯᠢᠭ ᠤᠨ ᠠᠭᠤᠯᠤᠭᠳᠠᠴᠠ ᠨᠢ 20% ᠲᠤ ᠬᠦᠷᠴᠦ᠂ ᠬᠡᠳᠡᠰᠦᠨ ᠤ ᠬᠦᠷᠪᠡᠯᠵᠡᠬᠦ ᠶᠢ ᠠᠬᠢᠭᠤᠯᠤᠨ᠎ᠠ᠃ | ᠲᠤᠯᠤᠭᠤᠨ᠎ᠠ ᠪᠠᠰᠠ ᠬᠤᠳᠤᠭᠤᠳᠤᠨ ᠤ ᠤᠭᠤᠷᠠᠭ ᠤᠨ ᠢᠰᠭᠡᠭᠦᠷ ᠤᠨ ᠢᠳᠡᠪᠬᠢ ᠴᠢᠨᠠᠷ ᠢ ᠨᠡᠮᠡᠭᠳᠡᠬᠦᠯᠵᠤ᠂ | ᠲᠡᠭᠦᠨ ᠳᠤ ᠠᠭᠤᠯᠤᠭᠳᠠᠬᠤ ᠦᠭᠡᠭᠦᠨ ᠤ ᠢᠰᠭᠡᠬᠦᠷ ᠨᠢ ᠦᠭᠡᠬᠦ ᠶᠢᠨ ᠵᠠᠳᠠᠷᠠᠯᠳᠠ ᠶᠢ ᠠᠬᠢᠭᠤᠯᠵᠤ᠂ ᠰᠢᠩᠭᠡᠭᠡᠯᠳᠡ ᠶᠢ | ᠠᠬᠢᠭᠤᠯᠬᠤ ᠦᠢᠯᠡᠳᠦᠯ ᠲᠠᠢ᠃ ᠤᠨᠴᠠᠭᠠᠢᠢᠯᠠᠨ ᠮᠢᠬᠠᠨ ᠤ ᠲᠦᠷᠦᠯ ᠢ ᠰᠢᠩᠭᠡᠭᠡᠬᠦ ᠲᠠᠯ᠎ᠠ ᠪᠠᠷ ᠨᠡᠩ ᠰᠠᠶᠢᠨ ᠪᠠᠶᠢᠳᠠᠭ | ᠂ ᠲᠡᠷᠡ ᠨᠢ ᠪᠠᠰᠠ ᠴᠢᠰᠤᠨ ᠤ ᠦᠭᠡᠬᠦ ᠵᠢᠴᠢ ᠴᠢᠰᠤᠨ ᠲᠠᠷᠤᠯᠳᠠ ᠶᠢ ᠪᠠᠭᠤᠷᠠᠭᠤᠯᠬᠤ ᠦᠢᠯᠡᠳᠦᠯ ᠲᠠᠢ᠂ ᠵᠢᠷᠦᠭᠡᠨ ᠤ | ᠰᠤᠳᠠᠯ ᠤᠨ ᠡᠪᠡᠳᠴᠢᠨ ᠢ ᠰᠡᠷᠭᠡᠶᠢᠯᠡᠬᠦ ᠪᠠ ᠵᠢᠷᠦᠭᠡᠨ ᠤ ᠠᠵᠢᠯᠯᠠᠭ᠎ᠠ ᠶᠢ ᠰᠠᠶᠢᠵᠢᠷᠠᠭᠤᠯᠬᠤ ᠳᠤ ᠠᠰᠢᠭ ᠲᠠᠢ ᠶᠤᠮ᠃ | 2. ᠠᠯᠮᠤᠷᠠᠳ ᠦᠭᠡᠬᠦ ᠶᠢ ᠭᠠᠳᠠᠭᠰᠢᠯᠠᠭᠤᠯᠬᠤ ᠦᠢᠯᠡᠳᠦᠯ ᠲᠠᠢ ᠠᠯᠮᠤᠷᠠᠳ ᠲᠤ ᠢᠳᠡᠰᠢᠨ ᠰᠢᠷᠭᠡᠭᠯᠢᠭ ᠤᠨ | ᠵᠢᠮᠢᠰ ᠤᠨ ᠴᠠᠪᠠᠤᠯᠢᠭ ᠤᠨ ᠠᠭᠤᠯᠤᠭᠳᠠᠴᠠ ᠡᠯᠪᠡᠭ ᠪᠠᠶᠢᠳᠠᠭ᠂ ᠵᠢᠮᠢᠰ ᠤᠨ ᠴᠠᠪᠠᠤᠯᠢᠭ ᠲᠤ ᠦᠨᠳᠦᠰᠦᠨ ᠳᠡᠭᠡᠨ | ᠢᠯᠴᠢ ᠠᠭᠤᠯᠤᠭᠳᠠᠬᠤ ᠦᠭᠡᠢ᠂ ᠵᠦᠪᠬᠡᠨ ᠬᠦᠮᠦᠨ ᠤ ᠪᠡᠶ᠎ᠠ ᠪᠠᠷ ᠦᠡᠭᠭᠡᠷᠡᠬᠦ ᠦᠶᠡᠰ ᠦᠭᠡᠬᠦ᠂ ᠲᠤᠰᠤ ᠵᠡᠷᠭᠡ ᠶᠢ | ᠠᠪᠴᠤ ᠶᠠᠪᠤᠳᠠᠭ᠂ ᠪᠡᠶ᠎ᠠ ᠶᠢᠨ ᠬᠦᠨᠳᠦ ᠶᠢ ᠪᠠᠭᠤᠷᠠᠭᠤᠯᠬᠤ ᠶᠢᠨ ᠬᠠᠮᠳᠤ ᠪᠠᠰᠠ ᠬᠦᠮᠦᠨ ᠤ ᠠᠷᠠᠰᠤ ᠶᠢ | ᠬᠢᠯᠪᠠᠭ᠎ᠠ ᠲᠠᠢ ᠪᠤᠯᠭᠠᠨ᠎ᠠ᠃ 3. ᠬᠦᠢᠳᠡᠡ ᠵᠠᠭᠤᠰᠢ ᠦᠭᠡᠬᠦ ᠶᠢ ᠬᠤᠷᠢᠭᠯᠠᠬᠤ ᠦᠢᠯᠡᠳᠦᠯ ᠲᠠᠢ ᠬᠤᠭᠤᠯᠠᠠ ᠢᠳᠡᠬᠦ | ᠪᠤᠯᠭᠠᠨ ᠨᠤᠭᠤᠭ᠎ᠠ ᠶᠢᠨ ᠲᠦᠷᠦᠯ ᠤᠨ ᠪᠤᠶᠤ ᠮᠦᠬᠦ᠂ ᠤᠰᠤᠨ ᠤ ᠤᠷᠭᠤᠮᠠᠯ ᠤᠨ ᠲᠦᠷᠦᠯ ᠤᠨ ᠬᠦᠢᠲᠡᠨ ᠵᠠᠭᠤᠰᠢ | ᠪᠡᠯᠡᠳᠭᠡᠪᠡᠯ ᠵᠤᠬᠢᠨ᠎ᠠ᠂ ᠲᠡᠭᠦᠨ ᠤ ᠵᠤᠷᠢᠯᠭ᠎ᠠ ᠨᠢ ᠦᠭᠡᠬᠦ ᠲᠤᠰᠤ ᠶᠢ ᠰᠢᠩᠭᠡᠭᠡᠬᠦ ᠶᠢ ᠪᠠᠭᠠᠰᠬᠠᠵᠤ᠂ ᠬᠠᠯᠠᠭᠠᠵᠤ | ᠦᠡᠭᠭᠡᠷᠡᠭᠰᠡᠨ ᠦᠭᠡᠢ ᠪᠤᠯᠬᠤᠷ ᠰᠢᠮ᠎ᠠ ᠲᠡᠵᠢᠭᠡᠯ ᠤᠨ ᠬᠤᠷᠤᠭᠳᠠᠯ ᠨᠢ ᠨᠡᠩ ᠪᠠᠭ᠎ᠠ ᠪᠠᠶᠢᠳᠠᠭ᠃ ᠪᠠᠰᠠ ᠨᠢᠭᠡ | ᠰᠢᠯᠳᠠᠭᠠᠨ ᠨᠢ ᠬᠦᠢᠲᠡᠨ ᠵᠠᠭᠤᠰᠢ ᠨᠢ ᠦᠭᠡᠬᠦ ᠶᠢ ᠰᠢᠩᠭᠡᠭᠡᠬᠦ ᠶᠢ ᠬᠤᠷᠢᠬᠯᠠᠵᠤ ᠴᠢᠳᠠᠨ᠎ᠠ᠃ ᠢᠳᠡᠰᠢᠨ | ᠨᠤᠭᠤᠭ᠎ᠠ ᠶᠢᠨ ᠲᠤᠳᠤᠷ᠎ᠠ ᠸᠢᠲ᠋ᠠᠮᠢᠨ ᠪᠠ ᠮᠢᠨᠧᠷᠡᠯ ᠪᠤᠳᠠᠰ ᠡᠯᠪᠡᠭ ᠠᠭᠤᠯᠤᠭᠳᠠᠵᠤ ᠪᠤᠢ᠂ ᠡᠨᠡ ᠨᠢ ᠬᠦᠮᠦᠨ ᠤ | ᠪᠡᠶ᠎ᠠ ᠶᠢᠨ ᠭᠤᠤᠯ ᠢᠷᠡᠯᠳᠡ ᠮᠦᠨ᠂ ᠲᠠᠬᠢᠪᠠᠯ ᠢᠳᠡᠰᠢᠨ ᠨᠤᠭᠤᠭ᠎ᠠ ᠳᠤ ᠢᠳᠡᠰᠢᠨ ᠰᠢᠷᠭᠡᠭᠯᠢᠭ ᠡᠯᠪᠡᠭ | ᠠᠭᠤᠯᠤᠭᠳᠠᠵᠤ ᠪᠠᠶᠢᠨ᠎ᠠ᠂ ᠡᠨᠡ ᠨᠢ ᠦᠭᠡᠬᠦ ᠶᠢ ᠭᠠᠳᠠᠭᠰᠢᠯᠠᠭᠤᠯᠬᠤ ᠦᠢᠯᠡᠳᠦᠯ ᠲᠠᠢ᠃ ᠡᠭᠦᠨ ᠠᠴᠠ ᠭᠠᠳᠠᠨ᠎ᠠ᠂ | ᠬᠦᠢᠲᠡᠨ ᠵᠠᠭᠤᠰᠢ ᠨᠢ ᠬᠦᠮᠦᠨ ᠤ ᠪᠡᠶ᠎ᠠ ᠶᠢᠨ ᠬᠦᠴᠢᠯ ᠱᠦᠯᠳᠦ ᠶᠢ ᠲᠡᠩᠴᠡᠭᠦᠷᠢᠰᠢᠭᠦᠯᠬᠦ ᠦᠢᠯᠡᠳᠦᠯ ᠲᠠᠢ᠂ ᠬᠡᠷᠪᠡ | ᠤᠷᠢᠳᠠᠪᠠᠷ ᠬᠦᠢᠲᠡᠨ ᠵᠠᠭᠤᠰᠢ ᠢᠳᠡᠵᠤ ᠲᠠᠷᠠᠭ᠎ᠠ ᠨᠢ ᠮᠢᠬ᠎ᠠ ᠲᠠᠢ ᠵᠠᠭᠤᠰᠢ ᠢᠳᠡᠪᠡᠯ᠂ ᠦᠭᠡᠬᠦ ᠶᠢᠨ ᠪᠡᠶ᠎ᠠ ᠳᠤ | ᠰᠢᠩᠭᠡᠭᠡᠬᠦ ᠶᠢ ᠬᠤᠷᠢᠬᠯᠠᠵᠤ ᠴᠢᠳᠠᠨ᠎ᠠ᠃ 4. ᠢᠳᠡᠭᠡᠨ ᠤ ᠼᠦ ᠦᠭᠡᠬᠦ ᠶᠢᠨ ᠰᠤᠯᠢᠯᠴᠠᠭ᠎ᠠ ᠶᠢ ᠠᠬᠢᠭᠤᠯᠬᠤ | ᠦᠢᠯᠡᠳᠦᠯ ᠲᠠᠢ ᠢᠳᠡᠭᠡᠨ ᠤ ᠼᠦ ᠲᠤᠳᠤᠷ᠎ᠠ ᠠᠭᠤᠯᠤᠭᠳᠠᠬᠤ ᠠᠮᠢᠨᠣ᠋ ᠬᠦᠴᠢᠯ ᠨᠢ ᠪᠡᠶ᠎ᠠ ᠲᠤᠳᠤᠷᠠᠬᠢ ᠦᠭᠡᠬᠦ ᠶᠢ | ᠵᠠᠳᠠᠷᠠᠭᠤᠯᠵᠤ ᠲᠡᠶᠢᠯᠬᠦ ᠮᠦᠷᠳᠡᠭᠡᠨ ᠰᠢᠬᠢᠷ᠂ ᠤᠭᠤᠷᠠᠭ ᠵᠡᠷᠭᠡ ᠶᠢᠨ ᠰᠢᠨ᠎ᠠ ᠬᠠᠭᠤᠴᠢᠨ ᠤ ᠰᠤᠯᠢᠯᠴᠠᠭ᠎ᠠ ᠶᠢ | ᠤᠷᠤᠭᠰᠢᠳᠠᠢ ᠶᠠᠪᠤᠭᠳᠠᠭᠤᠯᠤᠨ᠎ᠠ᠂ ᠡᠶᠢᠮᠦ ᠠᠴᠠ ᠮᠠᠷᠢᠶ᠎ᠠ ᠰᠢᠭᠤᠷᠠᠭᠤᠯᠬᠤ ᠦᠢᠯᠡᠳᠦᠯ ᠲᠠᠢ᠃ ᠡᠭᠦᠨ ᠠᠴᠠ ᠭᠠᠳᠠᠨ᠎ᠠ | ᠬᠡᠳᠦ ᠠᠷᠪᠢᠨ ᠵᠢᠭᠠᠰᠤ᠂ ᠮᠢᠬ᠎ᠠ᠂ ᠲᠤᠳᠤᠷᠭ᠎ᠠ ᠪᠤᠳᠠᠭ᠎ᠠ᠂ ᠲᠠᠯᠬ᠎ᠠ ᠵᠡᠷᠭᠡ ᠢᠳᠡᠭᠡᠨ ᠢᠳᠡᠭᠰᠡᠨ ᠤ ᠳᠠᠷᠠᠭ᠎ᠠ ᠵᠢᠭᠠᠬᠠᠨ | ᠼᠦ ᠤᠤᠭᠤᠪᠠᠯ ᠰᠢᠩᠭᠡᠭᠡᠯᠳᠡ ᠶᠢ ᠠᠬᠢᠭᠤᠯᠬᠤ ᠦᠢᠯᠡᠳᠦᠯ ᠲᠠᠢ᠃ ᠼᠦ ᠲᠤᠳᠤᠷ᠎ᠠ ᠠᠭᠤᠯᠤᠭᠳᠠᠬᠤ ᠠᠭᠤᠷᠰᠢᠬᠤ | ᠴᠢᠨᠠᠷᠲᠠᠢ ᠪᠤᠳᠠᠰ ᠪᠠ ᠠᠮᠢᠨᠣ᠋ ᠬᠦᠴᠢᠯ ᠵᠡᠷᠭᠡ ᠨᠢ ᠶᠡᠭᠡ ᠲᠠᠷᠢᠬᠢᠨ ᠤ ᠮᠡᠳᠡᠷᠡᠯ ᠤᠨ ᠲᠦᠪ ᠲᠤ ᠰᠡᠳᠡᠯᠳᠡ ᠦᠭᠴᠤ᠂ | ᠰᠢᠩᠭᠡᠭᠡᠯᠳᠡ ᠶᠢᠨ ᠡᠷᠭᠡᠳᠡᠨ ᠢ ᠵᠠᠬᠢᠷᠴᠤ ᠶᠡᠭᠡ ᠬᠡᠮᠵᠢᠶᠡᠨ ᠤ ᠰᠢᠩᠭᠡᠭᠡᠯᠳᠡ ᠶᠢᠨ ᠰᠢᠩᠭᠡᠨ ᠢ ᠱᠦᠭᠦᠷᠡᠭᠦᠯᠵᠤ | ᠰᠢᠩᠭᠡᠭᠡᠯᠳᠡ ᠶᠢᠨ ᠴᠢᠳᠠᠮᠵᠢ ᠶᠢ ᠰᠠᠶᠢᠵᠢᠷᠠᠭᠤᠯᠤᠨ᠎ᠠ᠃ 5. ᠰᠢᠩᠭᠡᠨ ᠪᠤᠳᠠᠭ᠎ᠠ ᠦᠭᠡᠬᠦ ᠶᠢ ᠰᠢᠩᠭᠡᠭᠡᠨ ᠠᠪᠬᠤ ᠶᠢ | ᠪᠠᠭᠠᠰᠬᠠᠬᠤ ᠦᠢᠯᠡᠳᠦᠯ ᠲᠠᠢ ᠬᠡᠷᠪᠡ ᠬᠡᠳᠦᠷᠡᠳᠡᠯ᠎ᠠ ᠢᠳᠡᠬᠦ ᠠᠴᠠ ᠠᠶᠤᠪᠠᠯ᠂ ᠬᠤᠭᠤᠯᠠᠨ ᠠᠴᠠ ᠡᠮᠦᠨ᠎ᠠ ᠵᠢᠭᠠᠬᠠᠨ | ᠰᠢᠩᠭᠡᠨ ᠪᠤᠳᠠᠭ᠎ᠠ ᠢᠳᠡᠬᠦ ᠶᠢ ᠰᠠᠨᠠᠭᠤᠯᠤᠶ᠎ᠠ᠂ ᠤᠴᠢᠷ ᠨᠢ ᠬᠤᠭᠤᠯᠠᠨ ᠠᠴᠠ ᠡᠮᠦᠨ᠎ᠠ ᠰᠢᠩᠭᠡᠨ ᠪᠤᠳᠠᠭ᠎ᠠ ᠢᠳᠡᠪᠡᠯ | ᠬᠤᠭᠤᠯᠠᠨ ᠴᠠᠭ ᠲᠤ ᠠᠷᠪᠢᠨ ᠶᠠᠭᠤᠮ᠎ᠠ ᠢᠳᠡᠬᠦ ᠵᠠᠢ ᠦᠭᠡᠢ ᠪᠤᠯᠬᠤ ᠮᠦᠷᠳᠡᠭᠡᠨ ᠬᠡᠳᠦ ᠠᠷᠪᠢᠨ ᠮᠢᠬ᠎ᠠ | ᠢᠳᠡᠭᠰᠡᠨ ᠠᠴᠠ ᠡᠭᠦᠰᠦᠭᠰᠡᠨ ᠤᠭᠤᠷᠠᠭ ᠨᠢ ᠡᠨᠧᠷᠬᠢ ᠪᠤᠯᠤᠨ ᠰᠦᠢᠳᠬᠦ ᠠᠴᠠ ᠵᠠᠶᠢᠯᠠᠰᠬᠢᠵᠤ ᠲᠡᠶᠢᠯᠦᠨ᠎ᠠ᠂ | ᠡᠭᠦᠨ ᠠᠴᠠ ᠭᠠᠳᠠᠨ᠎ᠠ ᠪᠠᠰᠠ ᠢᠳᠡᠰᠢᠨ ᠰᠢᠷᠭᠡᠭᠯᠢᠭ ᠡᠭᠦᠰᠭᠡᠵᠤ ᠬᠡᠳᠡᠰᠦᠨ ᠤ ᠬᠦᠷᠪᠡᠯᠵᠡᠬᠦ ᠶᠢ ᠠᠬᠢᠭᠤᠯᠵᠤ᠂ | ᠬᠡᠳᠡᠰᠦ ᠴᠠᠳᠬᠤᠯᠠᠩ ᠲᠦᠷᠦᠭᠳᠡᠯ ᠢ ᠨᠡᠮᠡᠭᠳᠡᠭᠦᠯᠦᠨ᠎ᠠ᠃ 6. ᠠᠷᠪᠠᠢ ᠶᠢᠨ ᠴᠢᠢᠳᠠᠮ ᠤᠤᠭᠤᠪᠠᠯ ᠦᠭᠡᠭᠦ ᠶᠢ | ᠠᠷᠢᠯᠭᠠᠬᠤ ᠦᠢᠯᠡᠳᠦᠯ ᠲᠠᠢ ᠬᠠᠭᠤᠷᠴᠦ ᠦᠡᠭᠭᠡᠷᠡᠭᠰᠡᠨ ᠠᠷᠪᠠᠢ ᠪᠠᠷ ᠬᠢᠭᠰᠡᠨ ᠠᠷᠪᠠᠢ ᠶᠢᠨ ᠴᠢᠢᠳᠠᠮ ᠨᠢ ᠬᠦᠮᠦᠨ ᠤ | ᠪᠡᠶ᠎ᠠ ᠳᠤ ᠱᠠᠭᠠᠷᠳᠠᠭᠳᠠᠬᠤ ᠤᠯᠠᠨ ᠵᠦᠢᠯ ᠤᠨ ᠪᠢᠴᠢᠯ ᠡᠯᠧᠮᠧᠨ᠋ᠲ᠂ ᠠᠮᠢᠨᠣ᠋ ᠬᠦᠴᠢᠯ᠂ ᠬᠠᠨᠤᠮᠠᠯ ᠪᠤᠰᠤ ᠦᠭᠡᠭᠦᠨ | ᠬᠦᠴᠢᠯ ᠪᠠ ᠢᠳᠡᠰᠢ ᠶᠢᠨ ᠰᠢᠷᠭᠡᠭ ᠠᠭᠤᠯᠤᠭᠳᠠᠵᠤ ᠪᠠᠶᠢᠬᠤ ᠮᠦᠷᠳᠡᠭᠡᠨ ᠰᠢᠬᠢᠷ ᠤᠨ ᠠᠭᠤᠯᠤᠭᠳᠠᠴᠠ ᠪᠠᠰᠠ | ᠲᠦᠢᠯ ᠤᠨ ᠲᠤᠤᠷ᠎ᠠ ᠪᠠᠶᠢᠳᠠᠭ᠃ ᠴᠠᠭᠠᠨ ᠰᠠᠷ᠎ᠠ ᠶᠢᠨ ᠬᠤᠭᠤᠴᠠᠭᠠᠨ ᠳᠤ ᠠᠷᠪᠢᠨ ᠦᠭᠡᠬᠦ ᠲᠤᠰᠤ ᠲᠠᠢ ᠶᠠᠭᠤᠮ᠎ᠠ | ᠢᠳᠡᠪᠡᠯ ᠠᠮᠠᠷᠬᠠᠨ ᠱᠠᠩᠳᠠᠭᠤᠷᠠᠵᠤ᠂ ᠮᠠᠷᠢᠶ᠎ᠠ ᠨᠡᠮᠡᠭᠳᠡᠳᠡᠭ᠃ ᠬᠠᠷᠢᠨ ᠠᠷᠪᠠᠢ ᠶᠢᠨ ᠴᠢᠢᠳᠠᠮ ᠨᠢ ᠱᠠᠩᠳᠠᠭᠤᠨ ᠢ | ᠲᠠᠷᠤᠬᠤ᠂ ᠰᠢᠩᠭᠡᠭᠡᠯᠳᠡ ᠶᠢ ᠠᠬᠢᠭᠤᠯᠬᠤ᠂ ᠬᠤᠳᠤᠭᠤᠳᠦ ᠶᠢ ᠰᠠᠶᠢᠵᠢᠷᠠᠭᠤᠯᠬᠤ ᠦᠢᠯᠡᠳᠦᠯ ᠲᠠᠢ᠃ ᠠᠷᠪᠠᠢ ᠶᠢᠨ | ᠴᠢᠢᠳᠠᠮ ᠳᠤ ᠪᠠᠰᠠ ᠴᠠᠢ ᠤᠰᠤᠨ ᠳᠤ ᠠᠭᠤᠰᠬᠤ ᠢᠳᠡᠰᠢᠨ ᠰᠢᠷᠭᠡᠭᠯᠢᠭ ᠠᠭᠤᠯᠤᠭᠳᠠᠵᠤ ᠪᠠᠶᠢᠨ᠎ᠠ᠂ ᠲᠡᠷᠡ ᠨᠢ | ᠬᠤᠳᠤᠭᠤᠳᠦ ᠬᠡᠳᠡᠰᠦᠨ ᠲᠤᠳᠤᠷᠠᠬᠢ ︽ᠬᠤᠭ ᠨᠤᠪᠰᠢ︾ ᠶᠢ ᠪᠡᠶ᠎ᠠ ᠠᠴᠠ ᠭᠠᠳᠠᠭᠰᠢᠯᠠᠭᠤᠯᠵᠤ᠂ ᠶᠠᠮᠠᠷᠴᠦ ᠢᠯᠴᠢ | ᠪᠠ ᠲᠠᠷᠤᠭᠠᠰᠤ ᠠᠪᠴᠢᠷᠠᠬᠤ ᠦᠭᠡᠢ ᠶᠤᠮ᠃ | |