ᠪᠤᠭᠢᠷᠳᠤᠭᠤᠯᠤᠯ ᠡᠭᠦᠰᠭᠡᠵᠤ ᠪᠠᠶᠢᠬᠤ ᠶᠢ ᠮᠡᠳᠡᠪᠡᠯ ᠳᠠᠷᠦ᠋ᠢᠬᠠᠨ ᠢᠯᠡᠴᠢᠯᠡᠪᠡᠯ ᠵᠤᠬᠢᠨ᠎ᠠ
ᠨᠡᠶᠢᠲᠡᠯᠡᠭᠰᠡᠨ ᠴᠠᠭ᠄
2018-04-10
︽ᠳᠤᠮᠳᠠᠳᠤ ᠤᠯᠤᠰ ᠤᠨ ᠡᠷᠭᠡᠳᠦ ᠠᠷᠠᠳ ᠤᠨ ᠤᠷᠴᠢᠨ ᠳᠤᠭᠤᠷᠢᠨ ᠪᠠ ᠡᠷᠡᠭᠦᠯ ᠮᠡᠨᠳᠦ ᠶᠢᠨ ᠶᠠᠰᠦ ᠴᠢᠨᠠᠷ ︵ᠳᠤᠷᠰᠢᠨ ᠭᠡᠷᠡᠭᠵᠢᠭᠦᠯᠭᠦ︶︾᠎ ᠤᠨ ᠬᠤᠷᠢᠨ ᠳᠤᠯᠤᠳᠤᠭᠠᠷ ᠵᠦᠢᠯ ᠳᠤ᠄ ᠪᠤᠭᠢᠷᠳᠤᠭᠤᠯᠤᠯ ᠡᠭᠦᠰᠭᠡᠵᠤ ᠡᠷᠡᠭᠦᠯ ᠮᠡᠨᠳᠦ ᠶᠢ ᠨᠦᠯᠦᠭᠡᠯᠡᠭᠦ ᠦᠢᠯᠠ ᠠᠵᠢᠯᠯᠠᠭ᠎ᠠ ᠶᠢ ᠤᠯᠵᠤ ᠮᠡᠳᠡᠭᠦ ᠦᠶᠡᠰ᠂ ᠳᠠᠷᠦ᠋ᠢᠬᠠᠨ 12369 ᠤᠳᠠᠰᠤ ᠪᠠᠷ ᠢᠯᠡᠴᠢᠯᠡᠨ ᠮᠡᠳᠡᠭᠦᠯᠵᠤ ᠪᠤᠯᠤᠨ᠎ᠠ ᠬᠡᠵᠦ ᠳᠤᠬᠳᠠᠭᠠᠵᠠᠢ᠃ ᠭᠡᠭᠡᠭᠳᠡᠮᠡᠯ ᠭᠡᠢ ᠪᠤᠭᠢᠷ ᠤᠰᠤ ᠭᠠᠳᠠᠭᠰᠢᠯᠠᠭᠤᠯᠬᠤ᠂ ᠬᠤᠭ ᠨᠤᠪᠰᠢ ᠪᠠᠨ ᠳᠤᠷ᠎ᠠ ᠪᠠᠷ ᠭᠡᠭᠡᠵᠤ ᠬᠠᠶᠠᠬᠤ᠂ ᠳᠠᠭᠤ ᠱᠤᠤᠭᠢᠶᠠᠨ ᠢᠶᠠᠷ ᠠᠷᠠᠳ ᠢ ᠦᠢᠮᠡᠭᠦᠯᠭᠦ ᠁ ᠠᠮᠢᠳᠤᠷᠠᠯ ᠳᠤᠮᠳᠠ ᠡᠯᠳᠡᠪ ᠵᠦᠢᠯ ᠤᠨ ᠤᠷᠴᠢᠨ ᠳᠤᠭᠤᠷᠢᠨ ᠢ ᠪᠤᠭᠢᠷᠳᠤᠭᠤᠯᠬᠤ ᠦᠢᠯᠡ ᠠᠵᠢᠯᠯᠠᠭ᠎ᠠ ᠤᠷᠤᠰᠢᠵᠤ ᠪᠠᠶᠢᠳᠠᠭ᠃ ᠭᠦᠮᠦᠨ ᠤ ᠪᠡᠶᠡᠴᠢ ᠦᠢᠯᠠ ᠠᠵᠢᠯᠯᠠᠭ᠎ᠠ ᠠᠴᠠ ᠪᠤᠯᠵᠤ ᠤᠷᠴᠢᠨ ᠳᠤᠭᠤᠷᠢᠨ ᠳᠤ ᠨᠦᠯᠦᠭᠡ ᠦᠵᠡᠭᠦᠯᠵᠤ ᠂ ᠤᠷᠴᠢᠨ ᠳᠤᠭᠤᠷᠢᠨ ᠤ ᠶᠠᠰᠦ ᠴᠢᠨᠠᠷ ᠢ ᠮᠠᠭᠤᠳᠠᠭᠤᠯᠬᠤ ᠶᠢᠨ ᠤᠯᠠᠮ ᠠᠴᠠ ᠠᠮᠢ ᠠᠬᠤᠢ ᠶᠢᠨ ᠰᠢᠰᠲ᠋ᠧᠮ ᠪᠠ ᠭᠦᠮᠦᠨ ᠤ ᠠᠮᠢᠳᠤᠷᠠᠯ ᠢ ᠨᠤᠴᠢᠳᠠᠢ ᠨᠦᠯᠦᠭᠡᠯᠡᠳᠡᠭ᠃ ᠳᠤᠮᠳᠠᠳᠤ ᠤᠯᠤᠰ ᠤᠨ ᠤᠷᠴᠢᠨ ᠳᠤᠭᠤᠷᠢᠨ ᠤ ᠰᠢᠨᠵᠢᠯᠡᠭᠦ ᠤᠬᠠᠭᠠᠨ ᠤ ᠰᠤᠳᠤᠯᠭᠠᠨ ᠤ ᠬᠤᠷᠠᠯ ᠤᠨ ᠤᠷᠴᠢᠨ ᠳᠤᠭᠤᠷᠢᠨ ᠤ ᠡᠪᠳᠡᠯᠡᠭᠡ ᠶᠢ ᠰᠢᠯᠭᠠᠨ ᠦᠨᠡᠯᠡᠭᠦ ᠳᠦᠪ ᠤᠨ ᠢᠨᠵᠧᠨᠧᠷ ᠴᠸᠠ ᠢᠦᠢ᠄ ︽ᠤᠷᠴᠢᠨ ᠳᠤᠭᠤᠷᠢᠨ ᠤ ᠪᠤᠭᠢᠷᠳᠤᠯ ᠤᠨ ᠡᠭᠢ ᠰᠤᠷᠪᠤᠯᠵᠢ ᠭᠤᠤᠯᠳᠠᠭᠤ ᠭᠡᠳᠦᠨ ᠵᠦᠢᠯ ᠢᠶᠠᠷ ᠢᠯᠡᠷᠡᠳᠡᠭ᠄ ᠦᠢᠯᠡᠳᠪᠤᠷᠢ ᠶᠢᠨ ᠭᠠᠷᠭᠠᠭᠰᠠᠨ ᠪᠤᠭᠢᠷ ᠤᠳᠤᠭ᠎ᠠ᠂ ᠪᠤᠭᠢᠷ ᠭᠡᠢ᠂ ᠪᠤᠭᠢᠷ ᠤᠰᠤ᠂ ᠪᠤᠭᠢᠷ ᠱᠦᠭᠦᠷᠡᠳᠡᠰᠤ ᠪᠠ ᠱᠤᠤᠭᠢᠶᠠᠨ ᠤ ᠪᠤᠵᠠᠷᠳᠤᠯ ᠵᠡᠷᠭᠡ ᠭᠦᠮᠦᠰ ᠠᠮᠢᠳᠤᠷᠠᠯ ᠳᠤᠮᠳᠠ ᠪᠠᠨ ᠭᠠᠷᠭᠠᠵᠤ ᠪᠠᠶᠢᠭ᠎ᠠ ᠤᠳᠤᠭ᠎ᠠ ᠂ ᠪᠤᠭᠢᠷ ᠭᠡᠢ᠂ ᠪᠤᠭᠢᠷ ᠤᠰᠤ᠂ ᠬᠤᠭ ᠨᠤᠪᠰᠢ ᠵᠡᠷᠭᠡ︔ ᠵᠠᠮ ᠬᠠᠷᠢᠯᠴᠠᠭᠠᠨ ᠤ ᠪᠠᠭᠠᠵᠢ ︵ᠳᠤᠰᠤ ᠰᠢᠳᠠᠭᠠᠳᠠᠭ ᠮᠠᠰᠢᠨ ᠳᠡᠷᠭᠡ᠂ ᠤᠡᠭᠭᠤᠴᠠ᠂ ᠨᠢᠰᠭᠡᠯ ᠵᠡᠷᠭᠡ︶᠎ ᠶᠢᠨ ᠭᠠᠷᠭᠠᠵᠤ ᠪᠠᠶᠢᠭ᠎ᠠ ᠪᠤᠭᠢᠷ ᠭᠡᠢ᠂ ᠱᠤᠤᠭᠢᠶᠠᠨ︔ ᠶᠡᠭᠡ ᠭᠡᠮᠵᠢᠶ᠎ᠠ ᠪᠠᠷ ᠭᠢᠮᠢ ᠶᠢᠨ ᠪᠤᠷᠳᠤᠭᠤᠷ᠂ ᠰᠢᠪᠠᠵᠢ ᠠᠯᠠᠬᠤ ᠡᠮ ᠵᠡᠷᠭᠡ ᠭᠢᠮᠢ ᠶᠢᠨ ᠡᠯᠧᠮᠧᠨ᠋ᠲ ᠢ ᠬᠡᠷᠡᠭᠯᠡᠭᠰᠡᠨ ᠤ ᠳᠠᠷᠠᠭᠠᠭᠢ ᠭᠠᠳᠠᠬᠰᠢᠯᠠᠭᠤᠯᠵᠤ ᠪᠠᠶᠢᠭ᠎ᠠ ᠤᠰᠤ︔ ᠮᠠᠰᠢᠨ ᠤ ᠱᠤᠤᠭᠢᠶᠠᠨ᠂ ᠴᠠᠭᠢᠯᠭᠠᠨ ᠰᠤᠷᠢᠨᠵᠢᠨ ᠤ ᠰᠠᠴᠤᠷᠠᠭ︔ ᠠᠭᠠᠷ ᠤᠨ ᠪᠤᠭᠢᠷᠳᠤᠯ ᠪᠤᠳᠠᠰ ᠵᠡᠷᠭᠡ ᠪᠠᠭᠳᠠᠳᠠᠭ︾ ᠭᠡᠵᠦ ᠲᠠᠨᠢᠯᠴᠠᠭᠤᠯᠵᠦ ᠪᠠᠶᠢᠯ᠎ᠠ᠃ ᠴᠸᠡ ᠢᠦᠢ ᠢᠯᠡᠷᠭᠡᠶᠢᠯᠡᠭᠦ ᠳᠡᠭᠡᠨ᠂ ᠤᠷᠴᠢᠨ ᠳᠤᠭᠤᠷᠢᠨ ᠤ ᠪᠤᠭᠢᠷᠳᠤᠯ ᠪᠤᠯ ᠡᠯ᠎ᠠ ᠵᠦᠢᠯ ᠤᠨ ᠪᠤᠭᠢᠷᠳᠤᠯ ᠨᠡᠶᠢᠯᠡᠯᠴᠠᠨ ᠦᠢᠯᠡᠳᠦᠯᠴᠡᠭᠰᠡᠨ ᠤ ᠦᠷ᠎ᠠ ᠳ᠋ᠦᠡᠭ ᠮᠦᠨ᠃ ᠠᠮᠢᠳᠤᠷᠠᠯ ᠤᠨ ᠬᠤᠭ ᠨᠤᠪᠰᠢ ᠶᠢ ᠳᠠᠷᠤᠢ ᠳᠦᠷᠭᠡᠨ ᠰᠢᠢᠳᠪᠤᠷᠢᠯᠡᠭᠦ ᠦᠭᠡᠢ ᠪᠤᠯ ᠤᠢᠢᠷ᠎ᠠ ᠬᠠᠪᠢ ᠶᠢᠨ ᠤᠷᠴᠢᠨ ᠳᠤᠭᠤᠷᠢᠨ ᠢ ᠨᠦᠯᠦᠭᠡᠯᠡᠭᠦ ᠮᠦᠷᠳᠡᠭᠡᠨ ᠭᠦᠮᠦᠨ ᠤ ᠪᠡᠶ᠎ᠠ ᠶᠢᠨ ᠡᠷᠡᠭᠦᠯ ᠮᠡᠨᠳᠦ ᠶᠢ ᠨᠦᠯᠦᠭᠡᠯᠡᠳᠡᠭ᠃ ᠳᠠᠷᠠ ᠨᠢ ᠭᠠᠵᠠᠷ ᠳᠤᠤᠷᠡᠭᠢ ᠤᠰᠤ ᠶᠢ ᠪᠤᠭᠢᠷᠳᠤᠭᠤᠯᠤᠯ ᠢ ᠡᠭᠦᠰᠭᠡᠵᠤ᠂ ᠡᠯᠳᠡᠪ ᠵᠦᠢᠯ ᠤᠨ ᠬᠤᠤᠷᠠᠳᠦ ᠪᠠᠺᠲ᠋ᠧᠷᠢ ᠶᠢ ᠡᠭᠦᠰᠭᠡᠳᠡᠭ᠃ ᠴᠡᠭᠢᠯᠭᠠᠨ ᠭᠠᠷᠭᠠᠬᠤ᠂ ᠪᠤᠯᠤᠳ ᠬᠠᠶᠢᠯᠠᠭᠤᠯᠬᠤ᠂ ᠴᠢᠯᠠᠭᠤᠨ ᠳᠤᠰᠤᠨ ᠤ ᠭᠢᠮᠢ ᠶᠢᠨ ᠦᠢᠯᠡᠳᠪᠤᠷᠢ ᠵᠡᠷᠭᠡ ᠶᠢᠨ ᠪᠤᠯᠪᠠᠰᠤᠷᠠᠭᠤᠯᠬᠤ ᠶᠠᠪᠤᠴᠠ ᠳᠤᠮᠳᠠ ᠭᠠᠷᠭᠠᠭᠰᠠᠨ ᠪᠤᠭᠢᠷ ᠪᠤᠳᠠᠰ ᠪᠠ ᠮᠠᠰᠢᠨ ᠳᠡᠷᠭᠡᠨ ᠠᠴᠠ ᠭᠠᠷᠬᠤ ᠤᠳᠤᠭ᠎ᠠ ᠨᠢ ᠭᠦᠮᠦᠨ ᠤ ᠪᠡᠶ᠎ᠠ ᠶᠢᠨ ᠠᠮᠢᠰᠬᠤᠯ ᠤᠨ ᠰᠢᠰᠲ᠋ᠧᠮ ᠢᠶᠠᠷ ᠳᠠᠮᠵᠢᠨ ᠠᠭᠤᠰᠭᠢᠨ ᠳᠤ ᠤᠷᠤᠭᠰᠠᠨ ᠤ ᠳᠠᠷᠠᠭ᠎ᠠ ᠡᠷᠡᠭᠦᠯ ᠮᠡᠨᠳᠦ ᠶᠢᠨ ᠠᠰᠠᠭᠤᠳᠠᠯ ᠡᠭᠦᠰᠭᠡᠳᠡᠭ᠃ ᠳᠠᠷᠢᠶᠠᠨ ᠳᠤ ᠭᠢᠮᠢ ᠶᠢᠨ ᠪᠤᠷᠳᠤᠭᠤᠷ ᠪᠤᠶᠤ ᠰᠢᠪᠠᠵᠢ ᠠᠯᠠᠬᠤ ᠡᠮ ᠭᠡᠳᠦᠷᠭᠡᠢ ᠭᠡᠷᠡᠭᠯᠡᠪᠠᠯ ᠭᠦᠷᠦᠰᠦᠨ ᠤ ᠪᠤᠭᠢᠷᠳᠤᠯ ᠪᠤᠯᠳᠠᠭ ᠪᠤᠶᠤ ᠭᠦᠮᠦᠨ ᠤ ᠪᠡᠶ᠎ᠠ ᠳᠤ ᠴᠤ ᠡᠯᠳᠡᠪ ᠡᠪᠡᠳᠴᠢᠨ ᠡᠭᠦᠰᠭᠡᠭᠦ ᠳᠤ ᠭᠦᠷᠭᠡᠨ᠎ᠠ᠃ ᠡᠶᠢᠮᠦᠷᠭᠦ ᠤᠷᠴᠢᠨ ᠳᠤᠭᠤᠷᠢᠨ ᠢ ᠪᠤᠭᠢᠷᠳᠤᠭᠤᠯᠵᠤ ᠪᠠᠶᠢᠭ᠎ᠠ ᠦᠢᠯᠡ ᠠᠵᠢᠯᠯᠠᠭ᠎ᠠ ᠨᠢ ᠭᠦᠮᠦᠨ ᠳᠦᠷᠦᠯᠭᠢᠳᠠᠨ ᠰᠢᠭᠤᠳ ᠦᠪᠡᠷ ᠤᠨ ᠪᠡᠶ᠎ᠠ ᠪᠠᠨ ᠤᠳᠠᠭᠠᠨ ᠴᠢᠨᠠᠷᠳᠠᠢ ᠬᠤᠤᠷᠯᠠᠵᠤ ᠪᠠᠶᠢᠭ᠎ᠠ ᠶᠠᠪᠤᠳᠠᠯ ᠶᠤᠮ ᠭᠡᠵᠠᠢ᠃ ᠪᠢᠳᠠ ᠠᠮᠢᠳᠤᠷᠠᠯ ᠳᠤᠮᠳᠠ ᠪᠠᠨ ᠤᠷᠴᠢᠨ ᠳᠤᠭᠤᠷᠢᠨ ᠢ ᠪᠤᠭᠢᠷᠳᠤᠭᠤᠯᠵᠤ ᠪᠠᠶᠢᠭ᠎ᠠ ᠦᠢᠯᠡ ᠠᠵᠢᠯᠯᠠᠭ᠎ᠠ ᠶᠢ ᠤᠯᠵᠤ ᠬᠠᠷᠠᠬᠤ ᠦᠶ᠎ᠠ ᠳᠤ᠂ ᠤᠷᠴᠢᠨ ᠳᠤᠭᠤᠷᠢᠨ ᠢ ᠬᠠᠮᠠᠭᠠᠯᠠᠬᠤ ᠡᠷᠭᠡ ᠡᠭᠦᠷᠭᠡ ᠪᠠᠨ ᠭᠦᠢᠴᠡᠳᠭᠡᠭᠦ ᠶᠢᠨ ᠳᠦᠯᠦᠭᠡ ᠴᠠᠭ ᠳᠤᠬᠠᠢ ᠳᠤᠨᠢ ᠬᠠᠮᠢᠶ᠎ᠠ ᠪᠦᠭᠦᠢ ᠰᠠᠯᠠᠭ᠎ᠠ ᠮᠦᠴᠢᠷ ᠲᠤ ᠭᠡᠷᠡᠭ ᠮᠡᠳᠡᠭᠦᠯᠵᠤ᠂ ᠬᠤᠷᠢᠬᠯᠠᠵᠤ ᠵᠤᠭᠰᠤᠭᠠᠬᠤ ᠶᠢ ᠪᠠᠷᠢᠮᠳᠠᠯᠠᠪᠠᠯ ᠵᠤᠭᠢᠨ᠎ᠠ᠃ ᠡᠭᠦᠨ ᠠᠴᠠ ᠭᠠᠳᠠᠨ᠎ᠠ᠂ ᠡᠷᠭᠡᠳᠦ ᠠᠷᠠᠳ ︽12369︾ ᠤᠷᠴᠢᠨ ᠳᠤᠭᠤᠷᠢᠨ ᠢ ᠬᠠᠮᠠᠭᠠᠯᠠᠬᠤ ᠭᠡᠷᠡᠭ ᠮᠡᠳᠡᠭᠦᠯᠭᠦ ᠤᠳᠠᠰᠤ ᠪᠠᠷ ᠡᠯ᠎ᠠ ᠱᠠᠳᠤᠨ ᠤ ᠤᠷᠴᠢᠨ ᠳᠤᠭᠤᠷᠢᠨ ᠢ ᠬᠠᠮᠠᠭᠠᠯᠠᠬᠤ ᠭᠤᠤᠯ ᠬᠠᠮᠢᠶᠠᠷᠤᠯᠳᠠ ᠶᠢᠨ ᠰᠠᠯᠠᠭ᠎ᠠ ᠮᠦᠴᠢᠷ ᠲᠤ ᠪᠠᠶᠢᠳᠠᠯ ᠢ ᠳᠤᠰᠬᠠᠨ ᠬᠠᠤᠯᠢ ᠶᠢᠨ ᠬᠠᠷᠢᠭᠤᠴᠠᠯᠭ᠎ᠠ ᠨᠡᠭᠡᠮᠵᠢᠯᠡᠭᠦ ᠶᠢ ᠰᠠᠨᠠᠭᠤᠯᠪᠠᠯ ᠵᠤᠬᠢᠨ᠎ᠠ᠃ ᠪᠤᠭᠢᠷᠳᠤᠭᠤᠯᠤᠯ ᠢ ᠢᠯᠡᠴᠢᠯᠡᠨ ᠮᠡᠳᠡᠭᠦᠯᠭᠦ ᠠᠴᠠ ᠭᠠᠳᠠᠨ᠎ᠠ᠂ ᠪᠢᠳᠠ ᠪᠠᠰᠠ ᠨᠡᠶᠢᠭᠡᠮ ᠤᠨ ᠭᠦᠮᠦᠨ ᠪᠤᠯᠤᠭᠰᠠᠨ ᠤ ᠬᠤᠪᠢ ᠳᠠᠬᠢ ᠦᠪᠡᠷᠰᠡᠳ ᠤᠨ ᠪᠡᠶᠡᠯᠡᠭᠦᠯᠪᠡᠰᠦ ᠵᠤᠬᠢᠬᠤ ᠤᠷᠴᠢᠨ ᠳᠤᠭᠤᠷᠢᠨ ᠤ ᠬᠠᠷᠢᠭᠤᠴᠠᠯᠭ᠎ᠠ ᠪᠠᠨ ᠪᠡᠶᠡᠯᠡᠭᠦᠯᠵᠤ ᠪᠠᠶᠢᠬᠤ ᠭᠡᠷᠡᠭᠳᠠᠢ ᠶᠤᠮ᠃ ᠠᠮᠢᠳᠤᠷᠠᠯ ᠳᠤᠮᠳᠠ ᠪᠠᠨ ᠦᠪᠡᠷ ᠤᠨ ᠪᠡᠶ᠎ᠠ ᠠᠴᠠ ᠪᠠᠨ ᠡᠭᠢᠯᠡᠵᠤ᠂ ᠪᠤᠭᠢᠷᠳᠤᠯ ᠦᠭᠡᠢ ᠳᠤᠤᠷ᠎ᠠ ᠨᠡᠭᠦᠷᠡᠰᠦᠳᠦ᠋ᠷᠦᠭᠴᠢᠳᠦ ᠠᠮᠢᠳᠤᠷᠠᠯ ᠤᠨ ᠠᠷᠭ᠎ᠠ ᠮᠠᠶᠢᠭ ᠢ ᠪᠠᠷᠢᠮᠳᠠᠯᠠᠨ᠂ ᠠᠵᠢᠯ ᠤᠨ ᠳᠤᠮᠳᠠ ᠪᠤᠭᠢᠷᠳᠤᠯ ᠦᠭᠡᠢ ᠦᠢᠯᠡᠳᠪᠤᠷᠢᠯᠡᠯ ᠢ ᠴᠢᠩᠭ᠎ᠠ ᠵᠢᠷᠤᠮᠯᠠᠵᠤ᠂ ᠤᠯᠤᠰ ᠤᠨ ᠪᠠᠷᠢᠮᠵᠢᠶ᠎ᠠ ᠪᠠ ᠳᠦᠷᠢᠮ ᠱᠠᠭᠠᠷᠳᠠᠯᠭ᠎ᠠ ᠶᠢ ᠴᠢᠩᠭ᠎ᠠ ᠵᠢᠷᠤᠮᠯᠠᠵᠤ ᠪᠠᠶᠢᠪᠠᠯ ᠵᠤᠬᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备06002822号-1